ᠦᠬᠡᠷ ᠬᠤᠨᠢᠨ ᠤ ᠮᠢᠬ᠎ᠠ ᠶᠢ ᠬᠦᠯᠳᠡᠭᠡᠬᠦᠷ ᠲᠤ ᠬᠠᠳᠠᠭᠠᠯᠠᠬᠤ ᠳᠠᠭᠠᠨ6 ᠰᠠᠷ᠎ᠠ ᠠᠴᠠ ᠭᠡᠳᠤᠷᠡᠭᠦᠯᠵᠦ ᠪᠣᠯᠬᠤ ᠦᠬᠡᠢ
ᠨᠡᠶᠢᠲᠡᠯᠡᠭᠰᠡᠨ ᠴᠠᠭ᠄
2018-04-10
    ᠤᠯᠠᠩᠭᠢ ᠬᠦᠮᠦᠰ ᠡᠯ᠎ᠡ ᠵᠦᠢᠯ ᠤᠨ ᠢᠳᠡᠭᠡᠨ ᠢ ᠬᠦᠯᠳᠡᠭᠡᠭᠦᠷ ᠲᠡᠭᠡᠨ ᠴᠢᠬᠢᠬᠡᠳ ᠲᠠᠯᠪᠢᠴᠢᠬᠠᠪᠠᠯ ᠰᠠᠷ᠎ᠠ ᠬᠤᠷᠢ ᠬᠤᠨᠤᠭ ᠢᠶᠠᠷ ᠬᠠᠷᠠᠵᠤ ᠦᠵᠡᠬᠦ ᠦᠬᠡᠢ᠂ ᠬᠠᠶᠠᠭᠠᠨ ᠳᠤᠨᠢ ᠬᠠᠶᠠᠴᠢᠬᠠᠳᠠᠭ᠃ ᠢᠳᠡᠭᠡᠨ ᠢ ᠬᠦᠯᠳᠡᠭᠡᠭᠦᠷ ᠲᠤ ᠬᠠᠳᠠᠭᠠᠯᠠᠬᠤ ᠠᠷᠭ᠎ᠠ ᠪᠤᠷᠤᠭᠤᠳᠠᠪᠠᠯ᠂ ᠢᠳᠡᠭᠡᠨ ᠤ ᠪᠠᠺᠲ᠋ᠧᠷᠢ ᠤᠬᠤᠷᠬᠠᠨ ᠬᠤᠭᠤᠴᠠᠭᠠᠨ ᠳᠤ ᠭᠡᠳᠤᠨ ᠠᠷᠪᠠᠨ ᠲᠠᠬᠢᠨ ᠢᠶᠠᠷ ᠨᠡᠮᠡᠭᠳᠡᠳᠡᠭ᠃ ᠡᠶᠢᠮᠦ ᠢᠳᠡᠭᠡᠨ ᠢ ᠢᠳᠡᠪᠡᠯ ᠬᠦᠩᠭᠡᠨ ᠳᠡᠭᠡᠨ ᠪᠦᠭᠡᠯᠵᠢᠬᠦᠯᠵᠤ ᠰᠠᠭᠤᠯᠭᠠᠨ᠂ ᠭᠦᠨᠳᠤᠷᠡᠪᠡᠯ ᠪᠦᠬᠦ ᠪᠡᠶ᠎ᠡ ᠬᠠᠯᠠᠭᠤᠷᠠᠬᠤ᠂ ᠨᠡᠩ ᠴᠢᠨᠠᠭᠰᠢᠯᠠᠪᠠᠯ ᠲᠠᠷᠢᠬᠢᠨ ᠤ ᠰᠡᠯᠢᠰᠤᠳᠤ ᠪᠦᠷᠬᠦᠪᠴᠢ ᠶᠢᠨ ᠦᠷᠦᠪᠢᠰᠤᠯ ᠵᠡᠷᠭᠡ ᠶᠢ ᠡᠭᠦᠰᠬᠡᠨ᠂ ᠡᠷᠡᠬᠦᠯ ᠮᠡᠨᠳᠤ ᠶᠢ ᠬᠤᠬᠢᠷᠠᠭᠤᠯᠬᠤ ᠪᠤᠯᠤᠨ᠎ᠡ᠃ᠬᠦᠯᠳᠡᠭᠡᠭᠦᠷ ᠲᠤ ᠮᠢᠬ᠎ᠠ ᠬᠦᠯᠳᠡᠬᠡᠬᠦ ᠳᠡᠭᠡᠨ ᠪᠦᠭᠦᠳᠡ ᠶᠢ ᠵᠢᠵᠢᠭᠯᠡᠨ ᠭᠡᠰᠡᠭᠯᠡᠵᠦ᠂ ᠭᠡᠰᠬᠡᠭᠰᠡᠨ ᠢᠶᠠᠨ ᠪᠠᠷᠢᠨ ᠢᠳᠡᠵᠤ ᠲᠠᠭᠤᠰᠬᠠᠨ᠎ᠠ᠂ ᠬᠦᠯᠳᠡᠭᠡᠭᠰᠡᠨ ᠦᠬᠡᠷ ᠬᠤᠨᠢᠨ ᠤ ᠮᠢᠬ᠎ᠠ ᠶᠢ3 ᠠᠴᠠ6 ᠰᠠᠷ᠎ᠠ ᠶᠢᠨ ᠲᠤᠳᠤᠷ᠎ᠠ ᠢᠳᠡᠵᠤ ᠲᠠᠭᠤᠰᠬᠠᠨ ᠂ ᠲᠠᠬᠢᠶ᠎ᠠ ᠨᠤᠭᠤᠰᠤ ᠵᠢᠭᠠᠰᠤᠨ ᠤ ᠮᠢᠬ᠎ᠠ ᠶᠢ1 ᠠᠴᠠ2 ᠡᠳᠤᠷ ᠲᠤ ᠢᠳᠡᠵᠤ ᠲᠠᠭᠤᠰᠬᠠᠪᠠᠯ ᠵᠦᠭᠡᠷ ᠶᠤᠮ᠃ ᠨᠤᠭᠤᠭᠠᠨ ᠨᠠᠪᠴᠢᠳᠤ ᠢᠳᠡᠰᠢᠨ ᠨᠤᠭᠤᠭ᠎ᠠ ᠶᠢ3 ᠡᠳᠤᠷ ᠬᠠᠳᠠᠭᠠᠯᠠᠨ᠂ ᠦᠨᠢᠶᠡᠨ ᠰᠦ ᠶᠢ5 ᠡᠳᠤᠷ ᠬᠠᠳᠠᠭᠠᠯᠠᠨ᠂ ᠲᠥᠪᠡᠳ ᠬᠠᠰᠢ ᠵᠡᠷᠭᠡ ᠡᠰᠢᠯᠢᠭ ᠵᠢᠮᠢᠰ ᠨᠤᠭᠤᠭ᠎ᠠ ᠶᠢ7 ᠡᠳᠤᠷ ᠭᠡᠳᠤᠷᠡᠭᠦᠯᠬᠦ ᠦᠬᠡᠢ ᠪᠣᠯ ᠬᠠᠮᠤᠭ ᠰᠠᠶᠢᠨ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10002599号