ᠶᠠᠭᠠᠬᠢᠵᠤ ᠲᠠᠮᠠᠬᠢ ᠪᠠᠨ ᠬᠠᠶᠠᠬᠤ ᠪᠤᠢ
ᠨᠡᠶᠢᠲᠡᠯᠡᠭᠰᠡᠨ ᠴᠠᠭ᠄
2018/4/8
  ᠡᠷᠲᠡ ᠤᠷᠤᠢ ᠬᠡᠵᠢᠶ᠎ᠡ ᠨᠢᠭᠡᠨ ᠴᠠᠭ ᠲᠤ ᠶᠠᠮᠠᠷ ᠴᠤ ᠲᠠᠮᠡᠬᠢᠴᠢᠨ ᠲᠠᠮᠡᠬᠢ ᠪᠠᠨ ᠬᠠᠶᠠᠬᠤ ᠶᠢ ᠬᠦᠰᠡᠳᠡᠭ᠃ ᠰᠢᠯᠳᠠᠭᠠᠨ ᠶᠠᠩᠵᠤ ᠪᠦᠷᠢ  ᠃ ᠠᠵᠢᠯ ᠲᠡᠭᠡᠷ᠎ᠡ ᠪᠠᠨ ᠬᠠᠪᠴᠢᠭᠳᠠᠬᠤ᠂ ᠡᠪᠤᠯ ᠭᠤᠳᠤᠮᠵᠢᠨ ᠳᠤ ᠲᠠᠮᠠᠬᠢ ᠲᠡᠳᠡᠵᠤ ᠶᠠᠪᠤᠬᠤ ᠳᠤ ᠬᠦᠷᠬᠦ᠂ ᠡᠷᠡᠬᠦᠯ ᠮᠡᠨᠳᠤ ᠮᠠᠭᠤᠳᠠᠬᠤ᠂ ᠦᠷᠯᠦᠭᠡ ᠪᠤᠯᠭᠠᠨ ᠬᠦᠴᠤᠲᠠᠢ ᠪᠦᠭᠰᠢᠷᠡᠬᠦᠯᠭᠦ᠂ ᠬᠦᠴᠤᠲᠠᠢ ᠬᠠᠨᠢᠶᠠᠯᠭᠠᠬᠤ᠂ ᠠᠷᠠᠰᠤ ᠮᠠᠭᠤᠳᠠᠬᠤ᠂ ᠬᠤᠷᠤᠭᠤ ᠰᠢᠷᠭᠠᠯᠳᠤᠬᠤ᠂ ᠦᠰᠦᠨ ᠠᠴᠠ ᠠᠮᠠᠨ ᠠᠴᠠ ᠡᠪ ᠦᠬᠡᠢ ᠦᠨᠦᠷ ᠦᠨᠦᠷᠳᠤᠬᠦ ᠭᠡᠬᠦ ᠮᠡᠳᠤ ᠬᠦᠮᠦᠨ ᠪᠤᠯᠭᠠᠨ ᠳᠤ ᠦᠪᠡᠷ ᠦᠪᠡᠷ ᠤᠨ ᠰᠢᠯᠳᠠᠭᠠᠨ ᠪᠠᠶᠢᠳᠠᠭ᠃   ᠲᠠᠮᠠᠬᠢ   ᠠᠴᠠ ᠭᠠᠷᠬᠤ ᠭᠤᠷᠪᠠᠨ ᠬᠤᠪᠢᠯᠪᠤᠷᠢ ᠪᠤᠢ᠃1.ᠢᠳᠬᠠᠵᠤ ᠤᠶᠢᠯᠠᠭᠠᠭᠤᠯᠬᠤ2.ᠵᠡᠬᠦᠦ ᠡᠮᠴᠢᠯᠡᠭᠡ᠂ ᠲᠦᠭᠡᠨᠡᠭᠦᠷ ᠬᠢᠬᠦ  ᠭᠡᠬᠦ ᠮᠡᠳᠤ3.ᠶᠠᠩᠵᠤ ᠪᠦᠷᠢ ᠶᠢᠨ ᠡᠮ ᠬᠡᠷᠡᠭᠯᠡᠬᠦ᠄ ᠶᠡᠬᠡᠩᠭᠢ ᠡᠮᠴᠢ ᠨᠠᠷ ᠲᠠᠮᠠᠬᠢ ᠶᠢ ᠨᠢᠭᠡᠮᠰᠤᠨ ᠬᠠᠶᠠᠬᠤ ᠬᠡᠷᠡᠭᠲᠡᠢ᠃ ᠰᠡᠬᠦᠯ ᠤᠨ ᠰᠤᠷᠤᠯᠳᠠ ᠠᠴᠠ30 ᠮᠢᠨᠦ᠋ᠲ ᠤᠨ ᠲᠠᠷᠠᠭ᠎ᠠ ᠴᠢᠰᠤᠨ ᠳᠠᠬᠢ ᠨᠢᠺᠦᠲ᠋ᠢᠨ ᠤ  ᠬᠡᠮᠵᠢᠶ᠎ᠡ ᠪᠠᠭᠤᠷᠠᠳᠠᠭ᠃ ᠬᠡᠷᠪᠡ ᠡᠨᠡ ᠦᠶ᠎ᠡ ᠳᠤ ᠲᠡᠪᠴᠢᠬᠦ ᠶᠤᠮ ᠪᠣᠯ ᠪᠡᠶ᠎ᠡ ᠤᠷᠭᠠᠨᠢᠰᠮ ᠠᠴᠠ ᠨᠡᠭᠡᠵᠤ ᠱᠠᠭᠠᠷᠳᠠᠬᠤ  ᠨᠢ ᠭᠤᠷᠪᠠ ᠬᠤᠨᠤᠭ ᠤᠨ ᠳᠠᠷᠠᠭ᠎ᠠ ᠠᠯᠠᠭ᠎ᠠ ᠪᠤᠯᠤᠨ᠎ᠠ ᠭᠡᠵᠤ ᠦᠵᠡᠳᠡᠭ᠃ ᠡᠭᠦᠨ ᠠᠴᠠ ᠭᠠᠷᠬᠤ ᠲᠠᠶᠢᠮᠦ ᠴᠤ ᠠᠮᠠᠷ ᠪᠢᠰᠢ᠂ ᠶᠠᠮᠠᠷ ᠰᠢᠯᠳᠠᠭᠠᠨ ᠢᠶᠠᠷ ᠲᠠᠮᠠᠬᠢ ᠲᠠᠳᠠᠵᠣ ᠪᠠᠶᠢᠨ᠎ᠠ ᠪᠤᠢ᠂ ᠡᠨᠡ ᠵᠤᠷᠰᠢᠯ ᠠᠴᠠ ᠪᠠᠨ ᠰᠠᠯᠠᠬᠤ ᠶᠢᠨ ᠲᠤᠯᠠᠳᠠ ᠶᠠᠭᠠᠬᠢᠬᠤ ᠶᠤᠰᠤᠲᠠᠢ ᠪᠤᠢ ᠭᠡᠳᠡᠭ ᠲᠠᠯ᠎ᠠ  ᠪᠠᠷ ᠠᠪᠴᠤ ᠦᠵᠡᠶ᠎ᠡ᠃ ᠰᠡᠳᠬᠢᠯ ᠰᠠᠨᠠᠭᠠᠨ ᠤ ᠬᠤᠪᠢ ᠳᠤ᠄ ᠬᠦᠮᠦᠨ ᠲᠠᠶᠢᠪᠦᠰᠢᠷᠠᠬᠤ᠂ ᠰᠡᠳᠬᠢᠯ ᠰᠠᠨᠠᠭ᠎ᠠ ᠪᠠᠨ ᠴᠡᠭᠴᠠᠯᠡᠬᠦ᠂ ᠲᠠᠶᠢᠪᠤᠰᠢᠷᠠᠬᠤ ᠶᠢᠨ ᠲᠤᠯᠠᠳᠠ ᠲᠠᠮᠠᠬᠢ ᠲᠠᠳᠠᠳᠠᠭ᠃ ᠵᠠᠷᠢᠮ ᠳᠠᠭᠠᠨ ᠰᠦᠨᠢ ᠤᠷᠤᠨ ᠳᠤ  ᠪᠠᠨ ᠬᠦᠷᠳᠡᠯ᠎ᠡ ᠲᠠᠳᠠᠳᠠᠭ᠃ ᠡᠶᠢᠮᠦ  ᠲᠤᠬᠢᠶᠠᠯᠳᠤᠯ ᠳᠤ ᠡᠮᠴᠢ ᠬᠡᠷᠡᠭᠲᠡᠢ᠃ ᠮᠦᠨ ᠲᠠᠶᠢᠪᠤᠰᠢᠷᠠᠭᠤᠯᠬᠤ ᠡᠮ ᠬᠡᠷᠡᠭᠯᠡᠵᠤ᠂ ᠠᠷᠢᠬᠢ ᠤᠤᠭᠤᠬᠤ ᠦᠬᠡᠢ ᠪᠠᠶᠢᠬᠤ ᠬᠡᠷᠡᠭᠲᠡᠢ᠃ ᠶᠠᠭᠠᠬᠢᠭᠠᠳ ᠭᠡᠪᠡᠯ ᠤᠷᠭᠠᠨᠢᠰᠮ ᠳᠤ ᠲᠠᠮᠠᠬᠢ᠂ ᠠᠷᠢᠬᠢ ᠬᠤᠶᠠᠷ  ᠭᠧᠨᠡᠸ᠋ᠲ᠋ᠢᠺ ᠲᠦᠪᠰᠢᠨ ᠳᠡᠭᠡᠨ ᠬᠤᠯᠪᠤᠭᠠᠲᠠᠢ ᠪᠠᠶᠢᠳᠠᠭ᠃ ᠬᠤᠨᠳᠠᠭ᠎ᠠ ᠳᠠᠷᠠᠰᠤ᠂ ᠠᠷᠢᠬᠢ ᠤᠤᠭᠤᠬᠤ ᠯᠠ ᠶᠤᠮ ᠪᠣᠯ ᠲᠠᠮᠡᠬᠢ ᠲᠠᠲᠠᠬᠤ ᠦᠷᠢᠳᠤ ᠶᠢᠨ ᠵᠤᠷᠰᠢᠯ ᠳᠠᠭᠠᠨ ᠪᠤᠴᠠᠵᠤ ᠤᠷᠤᠭᠰᠠᠨ ᠢᠶᠠᠨ ᠴᠤ ᠮᠡᠳᠡᠬᠦ ᠦᠬᠡᠢ᠃ ᠵᠠᠷᠢᠮ ᠬᠦᠮᠤᠰ ᠤᠨ ᠬᠤᠪᠢ ᠳᠤ ᠲᠠᠮᠠᠬᠢ ᠲᠠᠲᠠᠬᠤ ᠨᠢ ᠠᠮᠠᠷᠠᠬᠤ ᠨᠢᠭᠡ ᠬᠡᠯᠪᠡᠷᠢ ᠪᠠᠶᠢᠳᠠᠭ᠃ ᠲᠠᠮᠠᠬᠢ ᠲᠠᠳᠠᠭᠰᠠᠨ ᠢᠶᠠᠷ ᠰᠡᠳᠬᠢᠯ ᠬᠠᠨᠤᠮᠵᠢ ᠠᠪᠳᠠᠭ᠃ ᠶᠡᠭᠡᠪᠴᠢᠯᠠᠨ ᠪᠢᠽᠠᠸ᠋ᠰ ᠭᠢᠳᠡᠭ ᠬᠦᠮᠦᠰ᠂ ᠤᠯᠤᠰ ᠲᠦᠷᠦᠴᠢᠳ ᠡᠶᠢᠮᠤ ᠲᠦᠷᠦᠯ ᠳᠤ ᠪᠠᠭᠳᠠᠨ᠎ᠠ᠃ ᠡᠶᠢᠮᠦ ᠬᠦᠮᠤᠰ ᠦᠪᠡᠷᠰᠡᠳ ᠢᠶᠠᠨ ᠲᠠᠮᠠᠬᠢ ᠠᠴᠠ ᠭᠠᠷᠬᠤ ᠰᠢᠢᠳᠪᠦᠷᠢ ᠭᠠᠷᠭᠠᠬᠤ ᠦᠬᠡᠢ ᠯᠠ ᠪᠣᠯ ᠬᠡᠴᠠᠭᠦᠦ  ᠃ ᠭᠡᠳᠤ ᠦᠨᠳᠤᠷ ᠪᠡᠶ᠎ᠡ ᠶᠢᠨ ᠠᠴᠢᠶᠠᠯᠠᠯ ᠠᠪᠬᠤ᠂  ᠠᠭᠤᠯᠠᠨ ᠳᠤ ᠲᠤᠭᠤᠢ ᠪᠠᠷ ᠠᠶᠠᠯᠠᠬᠤ᠂ ᠠᠭᠤᠯᠠᠨ ᠳᠤ ᠠᠪᠠᠷᠢᠬᠤ  ᠂ ᠰᠡᠯ ᠢᠶᠠᠷ ᠶᠠᠪᠤᠬᠤ ᠵᠡᠷᠭᠡ ᠪᠠᠷ ᠲᠤᠷ᠎ᠠ ᠰᠤᠨᠢᠷᠬᠠᠯ ᠢ ᠨᠢ ᠬᠦᠳᠡᠯᠭᠡᠬᠦ ᠬᠡᠷᠡᠭᠲᠡᠢ᠃ᠬᠡᠷᠪᠡ ᠲᠠᠮᠠᠬᠢ ᠳᠠᠲᠠᠬᠤ ᠠᠴᠠ ᠲᠠᠳᠠᠭᠠᠯᠵᠠᠭᠰᠠᠨ ᠪᠣᠯ᠄20ᠮᠢᠨᠦ᠋ᠲ ᠤᠨ ᠲᠠᠷᠠᠭ᠎ᠠ ᠰᠤᠳᠠᠰᠤᠨ ᠤ ᠴᠤᠬᠢᠯᠳᠠ ᠬᠡᠪ ᠤᠨ ᠪᠤᠯᠵᠤ ᠦᠨᠳᠤᠷ ᠲᠠᠷᠤᠯᠳᠠ ᠪᠠᠭᠤᠷᠠᠨ᠎ᠠ᠃ᠬᠤᠶᠠᠷ ᠡᠳᠤᠷ ᠤᠨ ᠳᠠᠷᠠᠭ᠎ᠠ ᠠᠮᠳᠠᠯᠠᠬᠤ᠂ ᠦᠨᠦᠷᠳᠤᠬᠦ  ᠮᠡᠳᠡᠷᠡᠮᠵᠢ ᠬᠡᠪ ᠤᠨ ᠪᠤᠯᠤᠨ᠎ᠠ᠃ᠬᠤᠶᠠᠷ ᠠᠴᠠ ᠭᠤᠷᠪᠠᠨ ᠲᠤᠯᠤᠭ᠎ᠠ ᠬᠤᠨᠤᠭ ᠤᠨ ᠲᠠᠷᠠᠭ᠎ᠠ ᠠᠭᠤᠰᠬᠢᠨ ᠤ ᠤᠶᠢᠯᠡ ᠠᠵᠢᠯᠯᠠᠭ᠎ᠠ ᠰᠠᠶᠢᠵᠢᠷᠠᠨ᠎ᠠ᠃    ᠲᠠᠪᠤᠨ ᠵᠢᠯ ᠤᠨ ᠲᠠᠷᠠᠭ᠎ᠠ ᠲᠦᠪᠦᠩᠬᠡᠢ ᠶᠢᠨ ᠬᠦᠨᠳᠡᠢ ᠶᠢᠨ᠂ ᠤᠯᠠᠭᠠᠨ ᠬᠤᠭᠤᠯᠠᠢ ᠶᠢᠨ ᠬᠠᠪᠤᠳᠠᠷ ᠡᠬᠦᠰᠬᠦ ᠡᠷᠡᠰᠳᠤᠯ ᠬᠤᠶᠠᠷ ᠲᠠᠬᠢᠨ ᠪᠠᠭᠤᠷᠠᠨ᠎ᠠ᠃    10ᠵᠢᠯ ᠤᠨ ᠲᠠᠷᠠᠭ᠎ᠠ ᠡᠪᠡᠳᠴᠢᠯᠡᠬᠦ ᠦᠬᠡᠢ ᠪᠠᠶᠢᠬᠤ ᠲᠠᠨ ᠤ ᠪᠤᠯᠤᠮᠵᠢ ᠲᠠᠮᠠᠬᠢ ᠲᠠᠲᠠᠳᠠᠭ ᠦᠬᠡᠢ ᠬᠦᠮᠤᠰ  ᠤᠨ ᠬᠢ ᠲᠠᠢ ᠠᠳᠠᠯᠢ ᠪᠠᠶᠢᠬᠤ ᠪᠤᠯᠤᠨ᠎ᠡ᠃     ᠲᠠᠮᠠᠬᠢ ᠠᠴᠠ ᠭᠠᠷᠬᠤ ᠶᠢ  ᠬᠦᠰᠡᠵᠤ ᠪᠠᠶᠢᠭ᠎ᠠ ᠬᠦᠮᠤᠰ ᠦᠨᠡᠨ ᠳᠡᠭᠡᠨ ᠨᠢᠳᠤᠨ ᠳᠤ ᠢᠯᠡᠳᠳᠡ ᠮᠡᠳᠡᠭᠳᠡᠳᠡᠭ᠃ ᠭᠡᠷ ᠲᠡᠭᠡᠨ ᠪᠠᠶᠢᠩᠭᠤ ᠵᠢᠮᠢᠰ ᠢᠳᠡᠵᠤ᠂ ᠰᠢᠨ᠎ᠡ ᠠᠮᠲᠠ ᠳᠤ ᠲᠠᠰᠤ᠂ ᠢᠯᠠᠩᠭᠤᠶ᠎ᠠ ᠭᠠᠰᠢᠭᠤᠨ ᠠᠯᠢᠮ᠎ᠠ᠂ ᠵᠠᠷᠢᠮ  ᠬᠦᠮᠤᠰ ᠰᠠᠪᠠ ᠲᠠᠢ ᠤᠮᠳᠠᠭᠠᠨ᠂ ᠷᠠᠰᠢᠶᠠᠨ ᠠᠪᠴᠤ ᠶᠠᠪᠤᠳᠠᠭ ᠪᠠ ᠲᠠᠮᠠᠬᠢ ᠲᠠᠲᠠᠮᠠᠷ ᠰᠠᠨᠠᠭᠳᠠᠭᠰᠠᠨ ᠦᠶ᠎ᠡ ᠳᠡᠭᠡᠨ ᠭᠡᠳᠤ ᠪᠠᠯᠭᠤᠴᠢᠬᠠᠳᠠᠭ  ᠃ ᠲᠠᠮᠠᠬᠢ ᠠᠴᠠ ᠭᠠᠷᠬᠤ ᠳᠤ ᠪᠡᠶ᠎ᠡ ᠤᠷᠭᠠᠨᠢᠽᠮ ᠶᠠᠭᠠᠬᠢᠵᠤ ᠬᠦᠯᠢᠶᠠᠨ ᠠᠪᠬᠤ ᠨᠢ ᠲᠤᠬᠠᠢ ᠶᠢᠨ ᠬᠦᠮᠤᠨ ᠤ ᠡᠷᠡᠭᠦᠯ ᠮᠡᠨᠳᠤ ᠶᠢᠨ ᠪᠠᠶᠢᠳᠠᠯ᠂ ᠨᠠᠰᠤ᠂ ᠬᠠᠮᠤᠭ ᠤᠨ ᠭᠤᠤᠯ ᠨᠢ ᠲᠠᠮᠠᠬᠢᠨ ᠤ ᠨᠢᠺᠦᠲ᠋ᠢᠨ ᠤ ᠶᠠᠮᠠᠷ ᠱᠠᠳᠤᠨ  ᠳᠤ ᠬᠦᠮᠤᠨ ᠲᠠᠮᠠᠬᠢ ᠪᠠᠨ ᠬᠠᠶᠠᠵᠤ ᠪᠠᠶᠢᠭ᠎ᠠ ᠠᠴᠠ ᠰᠢᠯᠳᠠᠭᠯᠠᠨ᠎ᠠ  ᠃ ᠠᠮᠢᠰᠬᠤᠯ ᠤᠨ ᠡᠷᠭᠡᠳᠡᠨ ᠤ ᠡᠮᠭᠡᠭ ᠦᠬᠡᠷᠡᠴᠢᠯᠡᠯᠳᠡ   ᠨᠦᠭᠦᠳ ᠲᠠᠮᠠᠬᠢ ᠪᠠᠨ ᠬᠠᠶᠠᠭᠰᠠᠨ ᠠᠴᠠ ᠬᠤᠶᠢᠰᠢ ᠲᠤᠮᠳᠠᠴᠢ ᠪᠠᠷ ᠵᠢᠯ ᠤᠨ ᠲᠤᠷᠰᠢᠳᠠ ᠠᠷᠢᠯᠵᠤ ᠬᠡᠪ ᠤᠨ ᠪᠠᠶᠢᠳᠠᠯ ᠳᠤ ᠣᠷᠤᠳᠠᠭ᠃ ᠲᠠᠶᠢᠮᠦ ᠠᠴᠠ ᠲᠠ ᠦᠪᠡᠷ ᠢᠶᠠᠨ ᠲᠠᠮᠠᠬᠢ ᠠᠴᠠ ᠭᠠᠷᠬᠤ ᠪᠠᠷ ᠰᠢᠢᠳᠪᠦᠷᠢ ᠭᠠᠷᠭᠠᠪᠠᠯ  ᠲᠤᠩ ᠰᠠᠶᠢᠨ ᠪᠠᠶᠢᠨ᠎ᠠ᠃ ᠬᠡᠷᠪᠡ ᠴᠢᠳᠠᠬᠤ ᠦᠬᠡᠢ  ᠪᠣᠯ ᠮᠡᠷᠭᠡᠵᠢᠯ ᠤᠨ ᠡᠮᠴᠢ᠂ ᠰᠡᠳᠬᠢᠯ ᠮᠡᠳᠡᠷᠡᠯ ᠤᠨ ᠡᠮᠴᠢ ᠳᠤ ᠬᠠᠨᠳᠤᠬᠤ ᠭᠡᠷᠡᠭᠲᠠᠢ᠃
 
ᠢᠷᠡᠯᠲᠡ᠄ ᠮᠦᠷᠦᠭᠡᠳᠤᠯ ᠲᠠᠪᠴᠠᠩ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004651号-2