ᠬᠡᠤᠬᠡᠳ  ᠠᠯᠳᠠᠭ᠎ᠠ ᠭᠠᠷᠭᠠᠪᠠᠯ ᠬᠡᠷᠬᠢᠭᠦ ᠪᠤᠢ
ᠨᠡᠶᠢᠲᠡᠯᠡᠭᠰᠡᠨ ᠴᠠᠭ᠄
2018/4/8
  ᠡᠩ ᠤᠨ ᠬᠦᠮᠦᠨ ᠤ ᠤᠷᠤᠭᠰᠢᠯᠠᠬᠤ ᠨᠢ ᠲᠡᠭᠦᠨ ᠤ ᠦᠰᠥᠯᠳᠡ ᠪᠦᠢᠵᠢᠯᠳᠡ ᠶᠢᠨ ᠶᠠᠪᠤᠴᠠ ᠳᠤ ᠪᠠᠨ  ᠣᠯᠠᠨ ᠤᠳᠠᠭ᠎ᠠ ᠠᠯᠳᠠᠭ᠎ᠠ ᠭᠠᠷᠭᠠᠮᠠᠨᠵᠢᠨ ᠰᠠᠶ᠋ᠢ ᠲᠤᠷᠰᠢᠯᠭ᠎ᠠ ᠪᠠᠨ  ᠳ᠋ᠦᠩᠨᠡᠨ᠂ ᠪᠤᠷᠤᠭᠤ ᠪᠠᠨ ᠤᠬᠠᠬᠤ  ᠳᠤ ᠤᠷᠤᠰᠢᠨ᠎ᠠ᠂ ᠪᠤᠷᠤᠭᠤ ᠦᠭᠡ ᠬᠡᠯᠡᠬᠦ᠂ ᠪᠤᠷᠤᠭᠤ ᠶᠠᠪᠤᠳᠠᠯ ᠬᠢᠬᠦ ᠨᠢ ᠡᠩ ᠤᠨ ᠪᠠᠶᠢᠳᠠᠭ᠂ ᠡᠶᠢᠮᠦ ᠦᠶᠡᠰ ᠭᠡᠷ ᠤᠨ ᠠᠬᠠᠮᠠᠳ ᠬᠡᠤᠬᠡᠳ ᠲᠤ ᠴᠤᠬᠤᠮ ᠬᠢᠷᠬᠢᠨ ᠬᠠᠨᠳᠤᠪᠠᠯ ᠵᠤᠬᠢᠬᠤ ᠪᠣᠢ︖   ᠨᠢᠭᠡ᠄ ᠬᠡᠤᠬᠡᠳ ᠤᠨ ᠭᠠᠷᠭᠠᠭᠰᠠᠨ ᠠᠯᠳᠠᠭ᠎ᠠ ᠨᠢ ᠶᠠᠮᠠᠷ ᠰᠢᠨᠵᠢ ᠴᠢᠨᠠᠷ ᠲᠠᠢ ᠪᠠᠶᠢᠭᠰᠠᠨ ᠴᠤ᠂ ᠭᠡᠷ ᠤᠨ ᠠᠬᠠᠮᠠᠳ ᠵᠠᠪᠠᠯ ᠦᠪᠡᠷ ᠤᠨ ᠠᠭᠤᠷ ᠬᠢᠯᠢᠩ ᠢᠶᠠᠨ ᠲᠠᠷᠤᠵᠤ᠂ ᠬᠠᠷᠢᠨ ᠬᠦᠨᠳᠤ ᠰᠦᠷᠡᠬᠡᠢ ᠪᠠᠶᠢᠳᠠᠯ ᠲᠠᠢ  ᠪᠣᠯ ᠲᠡᠭᠡᠷ᠎ᠠ ᠪᠠᠷᠬᠢᠷᠠᠨ᠂ ᠬᠦᠩᠭᠡᠨ ᠠᠯᠳᠠᠭ᠎ᠠ ᠭᠠᠷᠭᠠᠭᠰᠠᠨ ᠪᠣᠯ ᠲᠡᠮᠡᠢ ᠬᠡᠯᠡᠬᠦ ᠦᠬᠡᠢ ᠪᠠᠶᠢᠵᠤ ᠦᠯᠦ ᠪᠤᠯᠤᠨ᠎ᠠ᠃   ᠬᠤᠶᠠᠷ᠄ ᠬᠦᠯᠢᠴᠡᠩᠭᠦᠢ ᠪᠠᠷ ᠬᠡᠤᠬᠡᠳ ᠤᠨ ᠭᠠᠷᠭᠠᠭᠰᠠᠨ ᠠᠯᠳᠠᠭ᠎ᠠ ᠶᠢᠨ ᠦᠨᠳᠤᠰᠤᠨ ᠦᠩᠭᠡᠷᠡᠯᠳᠡ ᠶᠢ ᠤᠶᠢᠯᠭᠠᠵᠤ᠂ ᠴᠢᠬᠤᠯᠠ ᠲᠠᠢ ᠦᠶᠡᠰ ᠲᠤ ᠲᠡᠭᠦᠨ ᠤ ᠪᠠᠭᠰᠢ᠂ ᠬᠠᠮᠳᠤ ᠰᠤᠷᠤᠭᠴᠢ ᠪᠠ ᠤᠴᠢᠷ ᠢ ᠨᠢ ᠤᠶᠢᠯᠠᠭᠠᠬᠤ ᠬᠦᠮᠦᠨ ᠠᠴᠠ  ᠪᠠᠶᠢᠴᠠᠭᠠᠵᠤ᠂ ᠦᠪᠡᠷ ᠤᠨ ᠢᠶᠠᠨ ᠦᠨᠡᠨ ᠰᠡᠳᠭᠢᠯ ᠠᠴᠠ ᠪᠠᠨ ᠠᠰᠠᠭᠤᠳᠠᠯ ᠤᠨ ᠮᠦᠨ ᠴᠢᠨᠠᠷ ᠢ ᠡᠷᠢᠨ ᠣᠯᠬᠤ ᠶᠢ ᠲᠡᠷᠢᠬᠦᠨ ᠳᠤ ᠲᠠᠯᠪᠢᠨ᠎ᠠ᠃   ᠭᠤᠷᠪᠠ᠄ ᠭᠡᠷ ᠤᠨ ᠠᠬᠠᠮᠠᠳ ᠠᠴᠠ ᠵᠠᠪᠠᠯ ᠤᠴᠢᠷ ᠢ ᠬᠡᠤᠬᠡᠳ ᠲᠤ ᠬᠡᠯᠡᠮᠡᠭᠴᠡ ᠬᠡᠤᠬᠡᠳ ᠤᠶᠢᠯᠠᠭᠠᠵᠤ᠂ ᠬᠢᠮᠡᠭᠴᠠ ᠬᠡᠤᠬᠡᠳ ᠣᠬᠠᠮᠰᠠᠷ ᠠᠴᠠ ᠪᠠᠨ ᠨᠢᠭᠡᠳᠬᠦ ᠪᠦᠬᠡᠳ ᠬᠠᠮᠳᠤ ᠪᠠᠷ ᠪᠤᠷᠤᠭᠤ ᠲᠠᠯ᠎ᠠ ᠶᠢᠨ ᠬᠤᠤᠷ ᠬᠦᠨᠦᠭᠡᠯ ᠢ ᠤᠶᠢᠯᠭᠠᠨ᠂ ᠬᠡᠤᠬᠡᠳ ᠢ ᠬᠠᠪᠰᠤᠷᠴᠤ᠂ ᠲᠡᠭᠦᠨ ᠰᠡᠳᠭᠢᠯ ᠳᠠᠬᠢ ᠡᠭᠡᠳᠡᠷᠡᠭᠡᠨ ᠢ ᠠᠯᠳᠠᠷᠭᠠᠬᠤ  ᠬᠡᠷᠡᠭᠲᠡᠢ᠃    ᠲᠦᠷᠪᠡ᠄ ᠭᠡᠷ ᠤᠨ ᠠᠬᠠᠮᠠᠳ ᠵᠠᠪᠠᠯ ᠬᠡᠤᠬᠡᠳ ᠲᠠᠢ ᠬᠠᠮᠳᠤ ᠪᠠᠷ ᠠᠰᠠᠭᠤᠳᠠᠯ ᠢ ᠰᠢᠢᠳᠪᠦᠷᠢᠯᠡᠬᠦ ᠬᠠᠮᠤᠭ ᠤᠨ ᠲᠤᠬᠢᠷᠠᠮᠵᠢᠲᠠᠢ ᠠᠷᠭ᠎ᠠ ᠶᠢ ᠡᠷᠢᠵᠤ᠂ ᠬᠡᠤᠬᠡᠳ ᠢ ᠵᠤᠷᠢᠭᠵᠢᠭᠤᠯᠤᠨ᠂ ᠠᠰᠠᠭᠤᠳᠠᠯ  ᠳᠤ ᠵᠦᠪ ᠢᠶᠠᠷ ᠬᠠᠨᠳᠤᠵᠤ ᠪᠤᠷᠤᠭᠤ ᠪᠠᠨ ᠢᠯᠡ ᠪᠠᠷ ᠮᠡᠳᠡᠷᠡᠬᠦ ᠪᠤᠯᠭᠠᠬᠤ ᠪᠦᠬᠡᠳ ᠪᠠᠰᠠ ᠬᠡᠤᠬᠡᠳ ᠢ ᠬᠠᠪᠰᠤᠷᠤᠨ ᠲᠡᠭᠦᠨ ᠤ ᠪᠠᠶ᠎ᠡ ᠪᠠᠨ  ᠳᠠᠭᠠᠭᠠᠨ ᠠᠰᠠᠭᠤᠳᠠᠯ ᠢ ᠰᠢᠢᠳᠪᠦᠷᠢᠯᠡᠬᠦ ᠶᠢ ᠵᠢᠯᠤᠭᠤᠳᠬᠤ  ᠬᠡᠷᠡᠭᠲᠡᠢ᠃      ᠲᠡᠭᠡᠷᠡᠬᠢ  ᠮᠡᠳᠤ ᠶᠢᠨ ᠠᠷᠭ᠎ᠠ ᠶᠢ ᠠᠪᠴᠤ ᠬᠡᠤᠬᠡᠳ ᠤᠨ ᠠᠯᠳᠠᠭ᠎ᠠ ᠲᠤᠳᠠᠭᠳᠠᠯ ᠳᠤ ᠬᠠᠨᠳᠤᠬᠤ ᠶᠤᠮ  ᠪᠣᠯ ᠬᠡᠤᠬᠡᠳ ᠬᠡᠯᠡᠯᠭᠡᠨ ᠦᠬᠡᠢ ᠨᠢᠭᠡ ᠭᠡᠨᠡᠳᠡᠭᠳᠡᠪᠡᠯ ᠨᠢᠭᠡ ᠤᠬᠠᠭᠠᠷᠠᠵᠤ᠂ ᠪᠠᠰᠠ ᠦᠪᠡᠷ ᠤᠨ ᠪᠡᠶ᠎ᠡ ᠪᠠᠨ ᠳᠠᠭᠠᠭᠠᠨ ᠠᠰᠠᠭᠤᠳᠠᠯ ᠢ ᠰᠢᠢᠳᠪᠦᠷᠢᠯᠡᠬᠦ ᠴᠢᠳᠠᠪᠦᠷᠢ ᠪᠠᠨ ᠪᠣᠯᠪᠠᠰᠤᠷᠠᠭᠤᠯᠵᠤ ᠲᠡᠭᠡᠭᠰᠢᠯᠡᠭᠦᠯᠵᠤ ᠳᠡᠶᠢᠯᠬᠦ ᠶᠤᠮ᠃            
 
ᠢᠷᠡᠯᠲᠡ᠄ ᠴᠢᠩᠭᠢᠰ ᠰᠦᠯᠵᠢᠶ᠎ᠡ ᠠᠴᠠ ᠰᠢᠯᠵᠢᠬᠦᠯᠤᠨ ᠨᠡᠶᠢᠳᠡᠯᠡᠪᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004651号-2