2018ᠣᠨ ᠤ ᠲᠤᠷᠰᠢ᠂ ᠬᠤᠸᠠᠳᠧ ᠰᠢᠶᠠᠨ ᠨᠢ ᠡᠯᠧᠺᠲᠷᠤᠨ ᠬᠤᠳᠠᠯᠳᠤᠭᠠᠨ ᠤ ᠠᠵᠤ ᠦᠢᠯᠡᠰ ᠤᠨ | ᠬᠦᠭᠵᠢᠯᠲᠡ ᠪᠠᠷ ᠠᠵᠢᠯ ᠣᠯᠭᠤᠯᠲᠠ ᠪᠠ ᠠᠵᠢᠯ ᠦᠢᠯᠡᠰ ᠪᠣᠰᠬᠠᠬᠤ ᠶᠢ ᠠᠬᠢᠭᠤᠯᠬᠤ ᠴᠢᠬᠤᠯᠠ ᠠᠷᠭ᠎ᠠ ᠬᠡᠮᠵᠢᠶ᠎ᠡ | ᠪᠣᠯᠭᠠᠵᠤ᠂ ᠭᠤᠷᠪᠠᠨ ᠱᠠᠲᠤᠨ ᠤ ᠵᠢᠭᠳᠡ ᠬᠦᠳᠡᠯᠭᠡᠬᠦ ᠠᠷᠭ᠎ᠠ ᠮᠠᠶ᠋ᠢᠭ ᠢᠶᠠᠷ ᠳᠠᠮᠵᠢᠨᠡᠯᠧᠺᠲᠷᠤᠨ ᠬᠤᠳᠠᠯᠳᠤᠭᠠᠨ ᠤ | ᠠᠵᠤ ᠦᠢᠯᠡᠰ ᠢ ᠪᠤᠵᠠᠭᠠᠶᠢᠷᠠᠭᠤᠯᠤᠨᠡᠯᠧᠺᠲᠷᠤᠨ ᠬᠤᠳᠠᠯᠳᠤᠭ᠎ᠠ ᠢ ᠠᠯᠬᠤᠮ ᠠᠯᠬᠤᠮ ᠢᠶᠠᠷ ᠠᠵᠤ ᠠᠬᠤᠢ ᠶᠢᠨ | ᠰᠢᠨ᠎ᠡ ᠨᠡᠮᠡᠭᠳᠡᠯ ᠤᠨ ᠣᠷᠭᠢᠯ ᠪᠣᠯᠭᠠᠭᠰᠠᠨ ᠪᠠᠶᠢᠨ᠎ᠠ᠃ | ᠠᠭᠤᠰᠤᠯᠴᠠᠯ ᠢ ᠠᠳᠬᠤᠪᠠ᠃ ᠲᠤᠰ ᠰᠢᠶᠠᠨ ᠤ ᠤᠯᠠᠮᠵᠢᠯᠠᠯᠲᠤ ᠦᠢᠯᠡᠳᠪᠤᠷᠢᠯᠡᠯ ᠤᠨ ᠠᠵᠤ ᠠᠬᠤᠶᠢᠯᠠᠯ ᠨᠢ | ᠠᠯᠬᠤᠮ ᠠᠯᠬᠤᠮ ᠢᠶᠠᠷ ᠦᠵᠡᠯᠲᠡ ᠲᠠᠨᠢᠯᠲᠠ ᠪᠠᠨᠬᠤᠪᠢᠷᠠᠭᠤᠯᠵᠤ ᠨᠡᠶᠢᠭᠡᠮ ᠤᠨ ᠪᠠᠶᠢᠳᠠᠯ ᠳᠤ ᠵᠣᠬᠢᠴᠠᠭᠤᠯᠤᠨ | ᠭᠤᠷᠪᠠᠳᠤᠭᠠᠷ ᠡᠲᠡᠭᠡᠳ ᠤᠨ ᠲᠠᠪᠴᠠᠩ ᠢ ᠢᠳᠡᠪᠬᠢᠲᠡᠢ ᠠᠰᠢᠭᠯᠠᠨ ᠦᠢᠯᠡᠳᠭᠦᠨ ᠤ ᠪᠣᠷᠤᠯᠠᠭᠤᠯᠤᠯᠲᠠ ᠶᠢᠨ ᠵᠠᠮ ᠢ | ᠦᠷᠭᠡᠳᠬᠡᠵᠦ᠂ ᠬᠡᠰᠡᠭ ᠠᠵᠤ ᠠᠬᠤᠶᠢᠯᠠᠯ ᠥᠪᠡᠷ ᠤᠨ ᠰᠦᠯᠵᠢᠶᠡᠨ ᠴᠢᠭ ᠤᠨ ᠡᠵᠡᠮᠰᠢᠯ ᠬᠠᠶ᠋ᠢᠭ ᠳᠠᠩᠰᠠᠯᠠᠨ ᠡᠯ᠎ᠡ | ᠲᠦᠷᠦᠯ ᠤᠨ ᠦᠢᠯᠡᠳᠬᠦᠨ ᠤ ᠮᠡᠳᠡᠭᠡ ᠵᠠᠩᠭᠢ ᠶᠢ ᠨᠡᠶᠢᠲᠡᠯᠡᠳᠡᠭ ᠪᠣᠯᠣᠭᠰᠠᠨ ᠪᠠᠶᠢᠨ᠎ᠠ᠃ ᠣᠳᠤᠬᠠᠨ ᠪᠣᠯᠲᠠᠯ᠎ᠠ᠂ | ᠪᠦᠬᠦ ᠰᠢᠶᠠᠨ ᠳᠤ ᠡᠯᠧᠺᠲᠷᠤᠨ ᠬᠤᠳᠠᠯᠳᠤᠭᠠᠨ ᠤ ᠶᠠᠪᠤᠳᠠᠯ ᠤᠨ ᠠᠵᠤ ᠠᠬᠤᠶᠢᠯᠠᠯ26 ᠪᠠᠶᠢᠵᠤ᠂ ᠡᠯᠧᠺᠲᠷᠤᠨ | ᠬᠤᠳᠠᠯᠳᠤᠭᠠᠨ ᠤ ᠶᠠᠪᠤᠳᠠᠯ ᠤᠨ ᠬᠤᠪᠢ ᠶᠢᠨ ᠡᠷᠦᠬᠡ ︵ᠴᠡᠬᠢᠮ ᠬᠤᠳᠠᠯᠳᠤᠭ᠎ᠠ ᠶᠢ ᠪᠠᠭᠲᠠᠭᠠᠨ᠎ᠠ︶150 ᠭᠠᠷᠤᠢ᠂ | ᠡᠯᠧᠺᠲᠷᠤᠨ ᠬᠤᠳᠠᠯᠳᠤᠭᠠᠨ ᠤ ᠶᠠᠪᠤᠳᠠᠯ ᠤᠨ ᠡᠵᠡᠩᠨᠡᠯᠲᠡ ᠶᠢᠨ ᠬᠦᠮᠦᠨ ᠤ ᠲᠤᠭ᠎ᠠ350 ᠭᠠᠷᠤᠢ ᠳᠤ ᠬᠦᠷᠦᠭᠰᠡᠨ | ᠪᠠᠶᠢᠨ᠎ᠠ᠃2018 ᠣᠨ ᠳᠤ ᠲᠤᠰ ᠰᠢᠶᠠᠨ ᠤ ᠲᠡᠮᠡᠭᠡ ᠬᠤᠨᠢᠨ ᠨᠣᠣᠰᠤᠨ ᠤ ᠬᠤᠪᠴᠠᠰᠤ ᠶᠢᠨ ᠰᠦᠯᠵᠢᠶᠡᠨ ᠳᠠᠬᠢ | ᠪᠣᠷᠤᠯᠠᠭᠤᠯᠭ᠎ᠠ ᠶᠢᠨ ᠬᠡᠮᠵᠢᠶ᠎ᠡ ᠨᠢ150 ᠭᠠᠷᠤᠢ ᠲᠦᠮᠡᠨ ᠵᠠᠬ᠎ᠠ ᠳᠤ ᠬᠦᠷᠴᠦ᠂ ᠪᠣᠷᠤᠯᠠᠭᠤᠯᠭ᠎ᠠ ᠶᠢᠨ ᠥᠷᠲᠡᠭ2 | ᠳ᠋ᠦᠩᠰᠢᠭᠤᠷ ᠭᠠᠷᠤᠢ ᠲᠦᠭᠦᠷᠢᠭ ᠪᠣᠯᠵᠤ᠂ ᠪᠦᠬᠦ ᠰᠢᠶᠠᠨ ᠤ ᠡᠯᠧᠺᠲᠷᠤᠨ ᠬᠤᠳᠠᠯᠳᠤᠭᠠᠨ ᠤ ᠶᠠᠪᠤᠳᠠᠯ ᠤᠨ ᠪᠦᠬᠦ | ᠵᠢᠯ ᠤᠨ ᠪᠣᠷᠤᠯᠠᠭᠤᠯᠭ᠎ᠠ ᠶᠢᠨ ᠨᠣᠷᠮ᠎ᠠ ᠶᠢᠨ80% ᠠᠴᠠ ᠳᠡᠭᠡᠭᠰᠢ ᠶᠢ ᠡᠵᠡᠯᠡᠵᠦ ᠪᠠᠶᠢᠨ᠎ᠠ᠃ | ᠰᠠᠭᠤᠷᠢ ᠶᠢ ᠪᠠᠬᠢᠵᠢᠭᠦᠯᠪᠡ᠃1400 ᠲᠦᠮᠡᠨ ᠲᠦᠭᠦᠷᠢᠭ ᠤᠨ ᠪᠡᠯᠡ ᠣᠷᠤᠭᠤᠯᠤᠨ1600 ᠲᠡᠭᠰᠢ | ᠳᠦᠷᠪᠡᠯᠵᠢᠨ ᠮᠧᠲᠷ ᠤᠨ ᠲᠠᠯᠠᠪᠠᠢ ᠲᠠᠢ ᠡᠯᠧᠺᠲᠷᠤᠨ ᠬᠤᠳᠠᠯᠳᠤᠭᠠᠨ ᠤ ᠶᠠᠪᠤᠳᠠᠯ ᠤᠨ ᠠᠵᠤ ᠠᠬᠤᠶᠢᠯᠠᠯ ᠤᠨ | ᠬᠦᠷᠢᠶᠡᠯᠡᠩ ᠪᠠᠶᠢᠭᠤᠯᠵᠤ᠂ ᠣᠳᠤ ᠨᠢᠭᠡᠨᠲᠡ ᠠᠰᠢᠭᠯᠠᠯᠲᠠ ᠳᠤ ᠣᠷᠤᠭᠰᠠᠨ ᠪᠠᠶᠢᠨ᠎ᠠ᠃ ᠭᠤᠣᠯ ᠨᠢ ᠦᠵᠡᠭᠦᠯᠭᠡ ᠶᠢᠨ | ᠲᠠᠩᠭᠢᠮ᠂ ᠡᠯᠧᠺᠲᠷᠤᠨ ᠬᠤᠳᠠᠯᠳᠤᠭᠠᠨ ᠤ ᠪᠣᠯᠪᠠᠰᠤᠷᠠᠯ ᠤᠨ ᠲᠥᠪ᠂ ᠡᠵᠡᠩᠨᠡᠯᠲᠡ ᠶᠢᠨ ᠲᠥᠪ᠂ ᠡᠯᠧᠺᠲᠷᠤᠨ | ᠬᠤᠳᠠᠯᠳᠤᠭᠠᠨ ᠤ ᠠᠵᠤ ᠠᠬᠤᠶᠢᠯᠠᠯ ᠤᠨ ᠦᠢᠯᠡᠴᠢᠯᠡᠭᠡᠨ ᠤ ᠨᠡᠪᠴᠢᠭᠦᠯᠦᠭᠦᠷ ᠤᠨ ᠲᠥᠪ᠂ ᠠᠳᠠᠯ ᠦᠢᠯᠡᠰ | ᠴᠣᠭᠴᠠᠯᠠᠭᠴᠢ ᠶᠢᠨ ᠣᠷᠤᠨ ᠵᠠᠢ᠂ ᠬᠦᠯᠢᠶᠡᠨ ᠠᠪᠬᠤ ᠲᠠᠰᠤᠭ᠂ ᠵᠢᠰᠦ ᠭᠤᠶᠤᠯᠠᠬᠤ ᠤᠷᠠᠯᠢᠭ ᠤᠨ ᠲᠠᠰᠤᠭ᠂ | ᠪᠠᠷᠠᠭᠠᠨ ᠤ ᠭᠦᠢᠯᠭᠡᠭᠡ ᠢ ᠲᠣᠬᠢᠷᠠᠭᠤᠯᠬᠤ ᠲᠥᠪ᠂ 020 ᠶᠠᠷᠢᠶᠠᠨ ᠤ ᠲᠠᠪᠴᠠᠩ ᠪᠠᠶᠢᠭᠤᠯᠵᠠᠢ᠂ ᠲᠤᠰ ᠲᠠᠪᠴᠠᠩ | ᠪᠣᠯ ᠰᠢᠶᠠᠨ᠂ ᠰᠢᠶᠠᠩ᠂ ᠲᠣᠰᠬᠤᠨ ᠤ ᠭᠤᠷᠪᠠᠨ ᠳᠡᠰ ᠦᠨᠡᠯᠧᠺᠲᠷᠤᠨ ᠬᠤᠳᠠᠯᠳᠤᠭ᠎ᠠ ᠳᠤ ᠦᠢᠯᠡᠴᠢᠯᠡᠬᠦ | ᠰᠦᠯᠵᠢᠶᠡᠨ ᠤ ᠶᠡᠷᠦᠩᠬᠡᠶᠢᠯᠡᠭᠰᠡᠨ ᠦᠢᠯᠡᠴᠢᠯᠡᠭᠡᠨ ᠤ ᠲᠥᠪ᠂ ᠪᠦᠬᠦ ᠰᠢᠶᠠᠨ ᠤ ᠡᠯᠧᠺᠲᠷᠤᠨ ᠬᠤᠳᠠᠯᠳᠤᠭᠠᠨ ᠤ | ᠶᠠᠪᠤᠳᠠᠯ ᠤᠨ ᠬᠦᠭᠵᠢᠯᠲᠡ ᠶᠢ ᠨᠢᠭᠡᠳᠬᠡᠨ ᠲᠦᠯᠦᠪᠯᠡᠬᠦ᠂ ᠵᠢᠯᠤᠭᠤᠳᠬᠤ᠂ ᠵᠣᠬᠢᠴᠠᠭᠤᠯᠬᠤ ᠶᠡᠷᠦᠩᠬᠡᠶᠢᠯᠡᠭᠰᠡᠨ | ᠦᠢᠯᠡᠴᠢᠯᠡᠭᠡᠨ ᠤ ᠪᠠᠶᠢᠭᠤᠯᠤᠮᠵᠢ ᠪᠣᠯᠣᠨ᠎ᠠ᠃ ᠣᠳᠤᠬᠠᠨ ᠪᠣᠯᠲᠠᠯ᠎ᠠ ᠣᠷᠤᠵᠤ ᠰᠠᠭᠤᠷᠢᠰᠢᠭᠰᠠᠨ ᠠᠵᠤ ᠠᠬᠤᠶᠢᠯᠠᠯ | 23 ᠪᠠᠶᠢᠨ᠎ᠠ᠃ | ᠬᠡᠪᠴᠢᠶ᠎ᠡ ᠪᠠᠨ ᠦᠷᠭᠡᠳᠬᠡᠪᠡ᠃ ᠶᠠᠳᠠᠭᠤ ᠠᠴᠠ ᠠᠩᠭᠢᠵᠢᠷᠠᠭᠤᠯᠤᠨ ᠪᠣᠭᠤᠮᠲᠠ ᠰᠢᠪᠲᠤᠯᠤᠯᠲᠠ ᠪᠣᠯᠣᠨ ᠬᠦᠳᠡᠭᠡ | ᠲᠣᠰᠬᠤᠨ ᠢ ᠬᠦᠭᠵᠢᠭᠦᠯᠦᠨ ᠮᠠᠨᠳᠤᠭᠤᠯᠬᠤ ᠶᠢᠨ ᠲᠣᠭᠤᠷᠢᠨ ᠳᠤ᠂ ᠲᠣᠮᠤ ᠳ᠋ᠡᠶᠢᠲ᠋ᠠ ᠶᠢᠨ ᠬᠡᠷᠡᠭᠯᠡᠭᠡᠨ ᠢ ᠢᠳᠡᠪᠬᠢᠲᠡᠢ | ᠲᠦᠭᠡᠮᠡᠯᠵᠢᠭᠦᠯᠵᠦ ᠡᠯᠧᠺᠲᠷᠤᠨ ᠬᠤᠳᠠᠯᠳᠤᠭ᠎ᠠ ᠪᠠᠷ ᠲᠤᠰᠬᠤᠨ ᠢ ᠬᠠᠮᠤᠷᠤᠭᠤᠯᠬᠤ ᠬᠠᠷᠠᠯᠲᠠ ᠶᠤᠰᠤᠭᠠᠷ ᠬᠦᠳᠡᠭᠡ | ᠲᠣᠰᠬᠤᠨ ᠤ ᠡᠯᠧᠺᠲᠷᠤᠨ ᠬᠤᠳᠠᠯᠳᠤᠭᠠᠨ ᠤ ᠥᠷᠲᠡᠭᠡ ᠴᠡᠭ ᠢ ᠶᠡᠬᠡᠪᠡᠷ ᠪᠠᠶᠢᠭᠤᠯᠤᠨ ᠰᠢᠶᠠᠩ ᠪᠠᠯᠭᠠᠰᠤᠨ ᠤ | ᠡᠯᠧᠺᠲᠷᠤᠨ ᠬᠤᠳᠠᠯᠳᠤᠭᠠᠨ ᠤ ᠦᠢᠯᠡᠴᠢᠯᠡᠭᠡᠨ ᠤ ᠴᠡᠭ 40 ᠢ ᠪᠠᠶᠢᠭᠤᠯᠵᠤ᠂ ᠬᠦᠳᠡᠭᠡ ᠲᠣᠰᠬᠤᠨ ᠤ ᠡᠯᠧᠺᠲᠷᠤᠨ | ᠬᠤᠳᠠᠯᠳᠤᠭᠠᠨ ᠤ ᠢᠵᠢ ᠪᠦᠷᠢᠳᠦᠭᠰᠡᠨ ᠰᠢᠰᠲ᠋ᠧᠮ ᠢ ᠶᠠᠭ ᠠᠯᠬᠤᠮ ᠠᠯᠬᠤᠮ ᠢᠶᠠᠷ ᠲᠡᠭᠦᠯᠳᠡᠷᠵᠢᠭᠦᠯᠦᠨ | ᠲᠠᠷᠢᠶᠠᠯᠠᠩ ᠤᠨ ᠪᠦᠲᠦᠭᠡᠭᠳᠡᠭᠦᠨ ᠢᠶᠠᠷ ᠭᠤᠣᠯᠳᠠᠯᠭ᠎ᠠ ᠪᠣᠯᠭᠠᠵᠤ᠂ ᠬᠦᠳᠡᠭᠡ ᠲᠣᠰᠬᠤᠨ ᠤ ᠡᠯᠧᠺᠲᠷᠤᠨ | ᠬᠤᠳᠠᠯᠳᠤᠭᠠᠨ ᠤ ᠬᠤᠣᠰ ᠴᠢᠭᠯᠡᠯ ᠤᠨ ᠡᠷᠬᠢᠯᠲᠡ ᠶᠢ ᠪᠡᠶᠡᠯᠡᠭᠦᠯᠵᠦ ᠪᠠᠶᠢᠨ᠎ᠠ᠃ | ᠣᠷᠴᠢᠭᠤᠯᠤᠭᠴᠢ᠄ ᠭᠡᠷᠡᠯ | | |