ᠣᠶᠢᠷ᠎ᠠ ᠶᠢᠨ ᠵᠢᠯ ᠳᠤ᠂ ᠬᠤᠸᠠᠳᠧ ᠰᠢᠶᠠᠨ ᠤ ︽ᠢᠨᠲ᠋ᠧᠷ ᠰᠦᠯᠵᠢᠶ᠎ᠡ +︾ ᠬᠥᠭᠵᠢᠯᠲᠡ ᠶᠢᠨ ᠣᠷᠴᠢᠨ | ᠨᠥᠬᠦᠴᠡᠯ ᠲᠠᠰᠤᠷᠠᠯᠲᠠ ᠥᠬᠡᠶ ᠰᠢᠯᠢᠳᠡᠭᠵᠢᠵᠦ᠂ ᠮᠡᠳᠡᠭᠡ ᠵᠠᠩᠭᠢ ᠶᠢ ᠲᠣᠰᠬᠤᠨ ᠳᠤ ᠣᠷᠣᠭᠤᠯᠬᠤ ᠢᠨᠵᠧᠨᠧᠷᠢᠩ ᠢ | ᠬᠡᠷᠡᠭᠵᠢᠭᠦᠯᠬᠦ ᠬᠡᠪᠴᠢᠶ᠎ᠡ ᠥᠷᠭᠡᠳᠴᠦ᠂ ᠬᠥᠳᠡᠭᠡ ᠲᠣᠰᠬᠤᠨ ᠤ ᠮᠡᠳᠡᠭᠡ ᠵᠠᠩᠭᠢ ᠶᠢᠨ ᠶᠡᠷᠦᠩᠬᠡᠶᠢᠯᠡᠭᠰᠡᠨ | ᠦᠢᠯᠡᠴᠢᠯᠡᠭᠡᠨ ᠤ ᠴᠢᠳᠠᠪᠤᠷᠢ ᠲᠠᠰᠤᠷᠠᠯᠲᠠ ᠥᠬᠡᠶ ᠳᠡᠭᠡᠭᠰᠢᠯᠡᠪᠡ᠃ | ᠣᠳᠣᠬᠠᠨ ᠪᠣᠯᠲᠠᠯ᠎ᠠ᠂ ᠬᠤᠸᠠᠳᠧ ᠰᠢᠶᠠᠨ ᠤ 6 ᠰᠢᠶᠠᠩ ᠪᠠᠯᠭᠠᠰᠤᠨ ᠤ 86 ᠵᠠᠰᠠᠭ ᠵᠠᠬᠢᠷᠭᠠᠨ ᠤ ᠲᠣᠰᠬᠤᠨ ᠤ | ᠵᠥᠪᠯᠡᠯ ᠤᠨᠪᠠᠶᠢᠭᠠ ᠭᠠᠵᠠᠷ ᠲᠤ ᠲᠣᠣᠷ ᠰᠦᠯᠵᠢᠶ᠎ᠡ ᠥᠪᠴᠢ ᠪᠦᠷᠬᠦᠭᠰᠡᠨ ᠪᠥᠭᠡᠳ 79 ᠪᠠᠶᠢᠭᠠᠯᠢᠭ ᠲᠣᠰᠬᠤᠨ ︵ | ᠴᠣᠣ ᠶᠠᠩ ᠪᠠᠯᠭᠠᠰᠤᠨ ᠤ 6 ᠲᠣᠰᠬᠤᠨ᠂ ᠴᠠᠩ ᠱᠦᠨ ᠪᠠᠯᠭᠠᠰᠤ ᠶᠢᠨ 16 ᠲᠣᠰᠬᠤᠨ᠂ ᠳᠣᠯᠣᠳᠤᠭᠠᠷ | ᠪᠠᠯᠭᠠᠰᠤ ᠶᠢᠨ 16 ᠲᠣᠰᠬᠤᠨ᠂ ᠳᠡᠪᠡᠭᠡᠲᠦ ᠰᠢᠶᠠᠩ ᠤᠨ 15 ᠲᠣᠰᠬᠤᠨ᠂ ᠪᠠᠶᠠᠨᠲᠠᠯ᠎ᠠ ᠰᠢᠶᠠᠩ ᠤᠨ 14 | ᠲᠣᠰᠬᠤᠨ᠂ ᠬᠦᠨᠬᠤᠳᠳᠤᠭ ᠰᠢᠶᠠᠩ ᠤᠨ 12 ᠲᠣᠰᠬᠤᠨ︶ ᠢ ᠪᠦᠷᠬᠦᠵᠡᠶ᠃ | ᠣᠷᠴᠢᠭᠤᠯᠤᠭᠴᠢ᠄ ᠭᠡᠷᠡᠯ |