ᠵᠠᠪᠰᠠᠷ ᠤᠯᠠᠭ᠎ᠠ ᠦᠷᠲᠡᠭᠡ
ᠨᠡᠶᠢᠲᠡᠯᠡᠭᠰᠡᠨ ᠴᠠᠭ᠄
2019-07-16
   ᠵᠠᠩᠴᠢᠭᠦᠦ ᠠᠴᠠ ᠬᠦᠷᠢᠶ᠎ᠡ ᠬᠦᠷᠬᠦ ᠶᠡᠭᠡ ᠵᠠᠮ ᠤᠨ ᠨᠢᠭᠡᠨ ᠦᠷᠲᠡᠭᠡ᠃ ᠲᠡᠦᠬᠡᠨ ᠳᠡᠭᠡᠷ᠎ᠡ ︽ᠤᠮᠠᠷᠠᠲᠤ ᠶᠢᠨ ᠲᠣᠷᠭᠠᠨ ᠵᠠᠮ︾ ᠬᠡᠮᠡᠨ ᠨᠡᠷᠡᠶᠢᠳᠤᠯ ᠲᠠᠢ ᠪᠠᠶᠢᠭᠰᠠᠨ ᠡᠷᠲᠡᠨ ᠤ ᠬᠤᠳᠠᠯᠳᠤᠭᠠᠨ ᠤ ᠵᠠᠮ᠂ ᠵᠠᠩᠴᠢᠭᠦᠦ ᠠᠴᠠ ︵ᠬᠦᠷᠢᠶ᠎ᠡ︶ ᠣᠳᠤ ᠶᠢᠨ ᠤᠯᠠᠭᠠᠨᠪᠠᠭᠠᠲᠤᠷ ᠬᠦᠷᠬᠦ ᠠᠷᠠᠯᠵᠢᠶᠠᠨ ᠤ ᠲᠡᠭᠡᠪᠤᠷᠢ ᠶᠢᠨ ᠱᠣᠭᠤᠮ᠂ ᠪᠦᠬᠦ ᠤᠷᠲᠤ  ᠨᠢ1400 ᠺᠢᠯᠤᠮᠧᠲᠷ ᠪᠠᠶᠢᠵᠤ᠂ ︽ᠲᠠᠯ᠎ᠠ ᠨᠤᠳᠤᠭ ᠤᠨ ᠲᠣᠷᠭᠠᠨ ᠵᠠᠮ︾ ᠪᠣᠯᠣᠨ ︽ᠲᠠᠯ᠎ᠠ ᠨᠤᠳᠤᠭ ᠤᠨ ᠴᠠᠢ ᠶᠢᠨ ᠵᠠᠮ︾ ᠬᠡᠮᠡᠨ ᠠᠯᠳᠠᠷᠰᠢᠭᠰᠠᠨ ᠪᠠᠶᠢᠳᠠᠭ᠃ ᠲᠡᠦᠬᠡᠨ ᠲᠡᠮᠳᠡᠭᠯᠡᠯ ᠢ ᠦᠨᠳᠦᠰᠦᠯᠡᠪᠡᠯ᠂ ᠬᠠᠨ  ᠲᠠᠩ ᠬᠦᠷᠦᠨ ᠤ ᠥᠶ᠎ᠡ ᠠᠴᠠ ᠡᠬᠢᠯᠡᠨ ᠴᠠᠢ ᠶᠢᠨ ᠠᠷᠠᠯᠵᠢᠶ᠎ᠡ ᠡᠬᠢᠯᠡᠭᠦᠯᠵᠦ᠂ ᠲᠤᠬᠠᠢ ᠶᠢᠨ ᠥᠶ᠎ᠡ ᠶᠢᠨ ᠤᠯᠤᠰ ᠲᠥᠷᠦ᠂ ᠠᠵᠤ ᠠᠬᠤᠢ᠂  ᠰᠤᠶᠤᠯ ᠤᠨ ᠨᠦᠯᠦᠭᠡ ᠪᠣᠯᠣᠨ ᠴᠢᠬᠤᠯᠠ ᠲᠡᠦᠬᠡᠨ ᠪᠠᠶᠢᠷᠢ ᠶᠢ ᠡᠵᠡᠯᠡᠵᠦ ᠪᠠᠶᠢᠵᠠᠢ᠃ ᠭᠠᠵᠠᠷ ᠵᠦᠢ ᠶᠢᠨ ᠪᠠᠶᠢᠷᠢᠰᠢᠯ ᠢᠶᠠᠷ ᠠᠪᠴᠤ ᠦᠵᠡᠪᠡᠯ᠂ ᠳᠣᠲᠤᠷ ᠭᠠᠵᠠᠷ ᠠᠴᠠ ᠮᠣᠩᠭᠤᠯ ᠤᠨ ᠲᠠᠯ᠎ᠠ ᠨᠤᠳᠤᠭ ᠬᠦᠷᠬᠦ ᠳᠤ ᠭᠤᠷᠪᠠᠨ ᠵᠠᠮ ᠪᠠᠶᠢᠳᠠᠭ᠃ ᠤᠯᠠᠭᠠᠨᠴᠠᠪ ᠬᠤᠲᠠ ᠶᠢᠨ ᠬᠢᠯᠢ ᠪᠠᠷ ᠦᠩᠭᠡᠷᠡᠵᠦ ᠪᠠᠶᠢᠭ᠎ᠠ ᠨᠢ ᠳᠤᠮᠲᠠ ᠵᠠᠮ ᠪᠣᠯᠣᠨ᠎ᠠ᠃ ᠲᠣᠬᠠᠶᠢᠯᠠᠪᠡᠯ᠂ ᠵᠠᠩᠪᠧᠢ ︵ᠰᠢᠩ ᠾᠧ︶᠂ ᠬᠤᠸᠠᠳᠧ ︵ᠡᠷᠳᠡᠮᠲᠤ ᠰᠤᠶᠤᠯᠲᠤ ᠬᠤᠲᠠ︶᠂ ᠰᠠᠶᠢᠬᠠᠨ ︵ᠵᠡᠭᠦᠨ ᠪᠠᠷᠠᠭᠤᠨ ᠰᠦᠨᠢᠳ︶᠂ ᠡᠷᠢᠶᠡᠨ᠂ ᠵᠠᠮ ᠤᠨ ᠡᠭᠦᠳᠡ᠂ ᠲᠤᠯᠢᠨ᠂ ᠤᠯᠠᠭᠠᠨᠪᠠᠭᠠᠲᠤᠷ᠂ ᠬᠢᠶᠠᠭᠲᠤ᠂ ᠮᠤᠰᠺᠸᠠ ᠬᠦᠷᠬᠦ ᠵᠠᠮ ᠪᠣᠯᠣᠨ᠎ᠠ᠃ ᠵᠢᠷᠤᠭ ᠪᠣᠯ᠂ ᠬᠤᠸᠠᠳᠧ ᠰᠢᠶᠠᠨ ᠤ ᠵᠠᠪᠰᠠᠷ ᠤᠯᠠᠭ᠎ᠠ ᠦᠷᠲᠡᠭᠡ ᠶᠢᠨ ᠲᠡᠮᠡᠭᠡᠨ ᠵᠢᠩ ᠤᠨ ᠱᠤᠭᠤᠮᠠᠯ ᠪᠣᠯᠣᠨ᠎ᠠ᠃ ᠲᠤᠰ ᠱᠤᠭᠤᠮᠠᠯ ᠨᠢ ᠡᠷᠲᠡᠨ ᠤ ᠠᠷᠠᠯᠵᠢᠶᠠᠨ ᠤ ᠵᠠᠮ ᠤᠨ ᠳᠦᠷᠢ ᠳᠥᠷᠬᠦ᠂ ᠰᠣᠶᠣᠯ ᠤᠨ ᠰᠣᠯᠢᠯᠴᠠᠭᠠᠨ ᠤ ᠬᠦᠭᠵᠢᠯ ᠪᠠᠳᠠᠷᠠᠯ ᠤᠨ ᠪᠠᠶᠢᠳᠠᠯ ᠢ ᠬᠠᠷᠠᠭᠤᠯᠵᠤ᠂ ᠲᠡᠦᠬᠡ ᠰᠣᠶᠤᠯ ᠤᠨ ᠤᠯᠠ ᠮᠦᠷ ᠢ ᠰᠢᠨᠵᠢᠯᠡᠨ᠂ ᠤᠷᠤᠨ ᠨᠤᠳᠤᠭ ᠤᠨ ᠵᠤᠭᠠᠴᠠᠯ ᠤᠨ ᠦᠢᠯᠡᠰ ᠢ ᠬᠦᠭᠵᠢᠬᠦᠯᠬᠦ ᠳᠤ ᠠᠯᠤᠰ ᠬᠤᠯᠠ ᠶᠢᠨ ᠠᠴᠢ ᠬᠤᠯᠪᠤᠭᠳᠠᠯ ᠲᠠᠢ ᠶᠤᠮ᠃
                    ᠰᠣᠷᠪᠤᠯᠵᠢᠯᠠᠭᠴᠢ ᠠᠯᠲᠠᠨᠰᠦ᠋ᠬᠡ ᠭᠡᠷᠡᠯ ᠵᠢᠷᠤᠭ ᠢᠶᠠᠷ ᠮᠡᠳᠡᠭᠡᠯᠡᠪᠡ᠃
 
ᠢᠷᠡᠯᠲᠡ᠄ ᠤᠯᠠᠭᠠᠨᠴᠠᠪ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10002599号