︵ᠨᠢᠭᠡ︶ ᠵᠠᠩᠴᠢᠬᠦᠦ — ᠬᠦᠷᠢᠶ᠎ᠡ ᠬᠦᠷᠬᠦ ᠶᠡᠭᠡ ᠵᠠᠮ | | | | | ᠵᠠᠩᠴᠢᠬᠦᠦ — ᠬᠦᠷᠢᠶ᠎ᠡ ︵ᠣᠳᠣ ᠶᠢᠨ ᠮᠣᠩᠭᠤᠯ ᠤᠯᠤᠰ ᠤᠨ ᠨᠡᠶᠢᠰᠯᠡᠯ ᠤᠯᠠᠭᠠᠨᠪᠠᠭᠠᠲᠤᠷ︶ ᠬᠦᠷᠬᠦ ᠶᠡᠭᠡ | ᠵᠠᠮ ᠨᠢ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ ᠬᠢᠨᠠᠨ ᠲᠤᠭᠲᠠᠭᠠᠭᠰᠠᠨ ᠢᠶᠠᠷ ︽ᠮᠢᠩ ᠤᠯᠤᠰ ᠤᠨ | ᠰᠡᠭᠦᠯᠴᠢ ᠶᠢᠨ ᠥᠶ᠎ᠡ ᠠᠴᠠ ᠡᠬᠢᠯᠡᠵᠦ᠂ ᠴᠢᠩ ᠤᠯᠤᠰ ᠤᠨ ᠳᠤᠮᠳᠠᠴᠢ ᠥᠶ᠎ᠡ ᠪᠠᠷ ᠪᠠᠳᠠᠷᠠᠵᠤ᠂ ᠢᠷᠭᠡᠨ | ᠤᠯᠤᠰ ᠤᠨ ᠡᠬᠢᠨ ᠤ ᠥᠶ᠎ᠡ ᠪᠠᠷ ᠨᠠᠮᠬᠠᠷᠠᠭᠰᠠᠨ ᠪᠠᠶᠢᠨ᠎ᠠ︾᠃ ᠲᠡᠤᠬᠡᠨ ᠳᠡᠭᠡᠷ᠎ᠡ ᠮᠠᠨ ᠤ ᠤᠯᠤᠰ ᠤᠨ ᠤᠮᠠᠷᠠᠲᠤ | ᠣᠷᠤᠨ ᠤ ᠮᠠᠰᠢ ᠴᠢᠬᠤᠯᠠ ᠳᠡᠯᠡᠬᠡᠢ ᠶᠢᠨ ᠠᠷᠠᠯᠵᠢᠶᠠᠨ ᠤ ᠤᠯᠤᠮ ᠭᠠᠷᠤᠴᠠ ︽ᠤᠮᠠᠷᠠᠲᠤ ᠭᠠᠵᠠᠷ ᠤᠨ ᠲᠣᠷᠭᠠᠨ ᠵᠠᠮ | ︾᠂ ︽ᠲᠠᠯ᠎ᠠ ᠨᠤᠲᠤᠭ ᠤᠨ ᠲᠣᠷᠭᠠᠨ ᠵᠠᠮ︾ ᠭᠡᠮᠡᠬᠦ ᠰᠠᠶᠢᠬᠠᠨ ᠠᠯᠳᠠᠷ ᠲᠠᠢ᠃ ᠥᠨᠢ ᠤᠳᠠᠭᠠᠨ ᠦᠷᠨᠢᠨ ᠮᠠᠨᠳᠤᠵᠤ | ᠪᠠᠶᠢᠭᠰᠠᠨ ᠳᠡᠯᠡᠭᠡᠢ ᠠᠷᠢᠯᠵᠢᠶᠠᠨ ᠤ ᠶᠡᠭᠡ ᠵᠠᠮ ᠤᠯᠤᠰ ᠤᠨ ᠳᠣᠲᠤᠭᠠᠲᠤ ᠭᠠᠳᠠᠭᠠᠳᠤ ᠶᠢᠨ ᠤᠯᠤᠰ ᠲᠦᠷᠦ᠂ ᠠᠵᠤ | ᠠᠬᠤᠶ᠂ ᠰᠣᠶᠣᠯ ᠤᠨ ᠨᠥᠯᠥᠭᠡ ᠪᠦᠬᠦᠢ ᠲᠡᠤᠬᠡᠨ ᠪᠠᠶᠢᠷᠢ ᠰᠠᠭᠤᠷᠢ ᠲᠠᠢ ᠭᠠᠵᠠᠷ ᠪᠠᠶᠢᠵᠠᠢ᠃ ᠬᠢᠨᠠᠨ | ᠲᠤᠭᠲᠠᠭᠠᠭᠰᠠᠨ ᠢᠶᠠᠷ ᠴᠢᠭᠤᠯᠤᠯᠲᠤ ᠬᠠᠭᠠᠯᠭ᠎ᠠ — ᠬᠦᠷᠢᠶ᠎ᠡ ᠬᠦᠷᠬᠦ ᠶᠡᠭᠡ ᠵᠠᠮ ᠬᠤᠸᠠᠳᠧ ᠰᠢᠶᠠᠨ ᠤ | ᠬᠢᠵᠠᠭᠠᠷ ᠲᠤ ᠭᠤᠷᠪᠠᠨ ᠵᠣᠷᠪᠤᠰ ᠵᠠᠮ ᠲᠠᠢ᠃ ᠵᠡᠭᠦᠨ ᠵᠠᠮ ︵ᠰᠢᠯᠤᠭᠤᠨ ᠴᠠᠭᠠᠨ ᠤ ᠵᠠᠮ︶ ᠰᠢᠯᠤᠭᠤᠨ ᠴᠠᠭᠠᠨ | ᠬᠤᠰᠢᠭᠤ ᠪᠠᠷ ᠥᠩᠭᠡᠷᠡᠵᠦ ᠪᠠᠶᠢᠰᠡ ᠶᠢᠨ ᠰᠦᠮ᠎ᠡ ︵ᠣᠳᠣ ᠶᠢᠨ ᠰᠢᠯᠢᠩᠬᠤᠲᠠ︶ ᠬᠦᠷᠦᠨ᠎ᠡ︔ ᠪᠠᠷᠠᠭᠤᠨ ᠵᠠᠮ ᠨᠢ | ᠱᠠᠩᠳᠤ ᠰᠢᠶᠠᠨ ᠢᠶᠠᠷ ᠳᠠᠭᠠᠷᠢᠵᠤ ᠬᠥᠬᠡᠬᠤᠲᠠ ᠪᠤᠭᠤᠲᠤ ᠣᠷᠤᠨ᠎ᠠ︔ ᠳᠤᠮᠳᠠ ᠵᠠᠮ ᠨᠢ ︵ᠬᠢᠶᠠᠭᠲᠤ ᠠᠴᠠ ᠪᠡᠭᠡᠵᠢᠩ | ᠬᠦᠷᠬᠦ ᠴᠠᠬᠢᠯᠭᠠᠨ ᠴᠢᠮᠡᠭᠡᠨ ᠤ ᠱᠣᠩ ᠤᠨ ᠵᠠᠮ︶ ᠰᠠᠶᠢᠬᠠᠨᠲᠠᠯ᠎ᠠ᠂ ᠡᠷᠢᠶᠡᠨ ᠬᠤᠲᠠ ᠪᠠᠷ ᠳᠠᠭᠠᠷᠢᠨ ᠬᠦᠷᠢᠶ᠎ᠡ᠂ | ᠬᠢᠶᠠᠭᠲᠤ ︵ᠣᠷᠣᠰ ᠤᠨ ᠬᠢᠵᠠᠭᠠᠷ ᠲᠤ ᠪᠤᠢ︶ ᠬᠦᠷᠦᠨ᠎ᠡ᠃ ᠬᠠᠶᠢᠷ ᠴᠢᠯᠠᠭᠤᠨ ᠵᠠᠮ ᠳᠠᠭᠠᠦ ᠬᠠᠷ᠎ᠠ ᠣᠷᠳᠤᠨ | ᠤᠲᠠᠰᠤᠨ ᠤ ᠱᠤᠩ ᠵᠢᠭᠳᠡᠷᠡᠵᠦ ᠵᠡᠰ ᠤᠲᠠᠰᠤᠨ ᠴᠢᠮᠡᠭᠡᠨ ᠤ ᠱᠤᠭᠤᠮ ᠵᠤᠷᠠᠶᠢᠵᠤ ᠪᠠᠶᠢᠳᠠᠭ ᠪᠠᠶᠢᠵᠠᠢ᠃ | ᠠᠩᠬ᠎ᠠ ᠠᠯᠬᠤᠮ ᠲᠣᠳᠤᠯᠠᠭᠰᠠᠨ ᠢᠶᠠᠷ ᠵᠠᠩᠴᠢᠬᠦᠦ — ᠬᠦᠷᠢᠶ᠎ᠡ ᠬᠦᠷᠬᠦ ᠶᠡᠭᠡ ᠵᠠᠮ ᠨᠢ ᠬᠤᠸᠠᠳᠧ ᠰᠢᠶᠠᠨ ᠤ | ᠬᠢᠵᠠᠭᠠᠷ ᠲᠤ 52 ᠺᠢᠯᠣᠮᠧᠲᠷ ᠪᠣᠢ᠃ ᠡᠮᠦᠨ᠎ᠡ ᠵᠠᠬ᠎ᠠ ᠨᠢ ᠾᠧᠪᠧᠢ ᠮᠤᠵᠢ ᠶᠢᠨ ᠺᠠᠩ ᠪᠦᠦ ᠰᠢᠶᠠᠨ ᠤ | ᠮᠠᠭᠤᠬᠤᠴᠠᠲ᠋ᠣᠰᠬᠤᠨ ᠤ ᠵᠠᠮ ᠠᠴᠠ ᠡᠬᠢᠯᠡᠵᠦ᠂ ᠸᠧᠶ ᠳ᠋ᠦᠩ᠂ ᠲᠠᠪᠤᠳᠤᠭᠠᠷ ᠥᠷᠲᠡᠭᠡᠨ ᠤ ᠲᠣᠰᠬᠤᠨ ᠢᠶᠠᠷ | ᠥᠩᠭᠡᠷᠡᠵᠦ᠂ ᠮᠢᠨ ᠯᠧ ᠨᠠᠭᠤᠷ ᠢ ᠳᠠᠭᠠᠵᠤ ᠴᠤᠤᠶᠠᠩ᠂ ᠴᠠᠩ ᠱᠦᠨ ᠪᠠᠯᠭᠠᠰᠤ᠂ ᠳᠣᠯᠣᠭᠠᠨ ᠬᠤᠳᠳᠤᠭ | ᠲᠣᠰᠬᠤᠨ᠂ ᠤᠯᠠᠭᠠᠨ ᠨᠠᠭᠤᠷ ᠤᠨ ᠬᠥᠪᠡᠭᠡ ᠪᠠᠷ ᠮᠦ ᠴᠠᠩ᠂ ᠶᠤᠸᠠᠨ ᠳ᠋ᠠ᠂ ᠯᠢᠶᠠᠨ ᠾᠧ ᠲᠣᠰᠬᠤᠨ ᠢᠶᠠᠷ | ᠥᠩᠭᠡᠷᠡᠵᠦ᠂ ᠬᠤᠶᠢᠰᠢ ᠬᠥᠪᠡᠭᠡᠲᠦ ᠰᠢᠷ᠎ᠠ ᠬᠤᠰᠢᠭᠤᠨ ᠤ ᠠᠷᠤ ᠷᠠᠰᠢᠶᠠᠨᠲᠤ ᠲᠠᠢ ᠵᠠᠯᠭᠠᠨ᠎ᠠ᠃ ᠭᠤᠤ ᠭᠠᠵᠠᠷ ᠤᠨ | ᠪᠠᠶᠢᠴᠠ ᠨᠢ ᠲᠡᠭᠰᠢ ᠲᠡᠨᠢᠭᠡᠷ᠂ ᠳᠣᠪᠣᠷᠬᠠᠭ ᠲᠣᠯᠤᠭᠠᠳ᠂ ᠵᠢᠯᠠᠭ᠎ᠠ ᠭᠠᠩᠭ᠎ᠠ᠂ ᠲᠠᠯ᠎ᠠ ᠨᠤᠲᠤᠭ᠂ ᠲᠠᠷᠢᠶᠠᠯᠠᠩ | ᠵᠠᠯᠭᠠᠯᠳᠤᠵᠤ᠂ ᠲᠡᠦᠬᠡ ᠰᠥᠶᠥᠯ ᠤᠨ ᠤᠯᠠ ᠮᠥᠷ ᠲᠤᠳᠤᠷᠠᠵᠤ ᠪᠠᠯᠠᠷᠠᠭᠰᠠᠭᠠᠷ ᠲᠣᠳᠤᠷᠬᠠᠢ ᠢᠮ ᠲᠠᠮᠠᠭ᠎ᠠ ᠲᠠᠢ | ᠬᠡᠰᠡᠭ ᠵᠢᠷᠭᠤᠭ᠎ᠠ ᠪᠤᠢ᠃ ᠫᠠᠷᠢᠰ — ᠪᠡᠭᠡᠵᠢᠩ ᠤᠨ ᠮᠠᠰᠢᠨ ᠲᠡᠷᠭᠡᠨ ᠤ ᠲᠡᠰᠬᠡᠯ ᠤᠷᠤᠯᠳᠤᠭᠠᠨ ᠤ ᠭᠤᠣᠯ ᠵᠠᠮ | ᠡᠨᠡᠭᠦᠷ ᠥᠩᠭᠡᠷᠡᠵᠦ ᠪᠠᠶᠢᠭᠰᠠᠨ ᠨᠢ ᠥᠨᠥᠳᠥᠷ ᠤᠨ ᠠᠶᠢᠯ ᠪᠥᠯᠢ ᠶᠢᠨ ᠵᠢᠭᠤᠯᠴᠢᠯᠠᠯ ᠤᠨ ᠵᠠᠮ ᠪᠣᠯᠵᠤ ᠮᠠᠰᠢᠨ | ᠲᠡᠷᠭᠡᠨ ᠤ ᠲᠡᠰᠬᠡᠯ ᠤᠷᠤᠯᠳᠤᠭᠠᠨ ᠤ ᠰᠢᠯᠤᠭᠤᠨ ᠳᠠᠷᠳᠠᠩ ᠵᠠᠮ ᠪᠣᠯᠣᠭᠰᠠᠨ ᠪᠠᠶᠢᠨ᠎ᠠ᠃ | | ︽ᠵᠠᠩᠴᠢᠬᠦᠦ — ᠬᠦᠷᠢᠶ᠎ᠡ ᠬᠦᠷᠬᠦ ᠶᠡᠭᠡ ᠵᠠᠮ︾᠂ ︽ᠵᠠᠪᠰᠠᠷ ᠥᠷᠲᠡᠭᠡ︾ ᠶᠢᠨ ᠲᠡᠤᠬᠡ ᠤᠯᠪᠠᠭ᠎ᠠ ᠶᠢ | ᠮᠦᠷᠳᠡᠵᠦ ᠡᠷᠲᠡ ᠴᠠᠭ ᠤᠨ ᠠᠷᠠᠯᠵᠢᠶᠠᠨ ᠤ ᠶᠡᠭᠡ ᠵᠠᠮ ᠤᠨ ᠰᠠᠭᠤᠷᠢ ᠳᠡᠭᠡᠷ᠎ᠡ ᠥᠨᠦᠳᠤᠷ ᠤᠨ ᠥᠷᠲᠡᠭᠡ ᠵᠠᠮ ᠤᠨ | ᠣᠨᠴᠠᠯᠢᠭ ᠪᠦᠬᠦᠢ ᠴᠣᠭᠴᠠᠯᠠᠪᠤᠷᠢ ᠶᠢ ᠳᠠᠬᠢᠨ ᠱᠤᠭᠤᠪᠠ᠃ ᠲᠤᠬᠠᠶᠢᠯᠠᠪᠡᠯ᠄ ᠲᠡᠮᠡᠭᠡᠨ ᠵᠢᠩ ᠤᠨ ᠴᠣᠪᠤᠭ᠎ᠠ ᠬᠡᠮᠡᠬᠦ 2 | ᠮᠧᠲᠷ × 100 ᠮᠧᠲᠷ ᠤᠨ ᠳᠠᠷᠳᠠᠩ ᠵᠠᠮ᠂ 4.5 ᠮᠧᠲᠷ ᠥᠨᠳᠥᠷ 12 ᠲᠡᠮᠡᠭᠡᠨ ᠱᠤᠭᠤᠮᠠᠯ ᠵᠢᠴᠢ 3.3 ᠮᠧᠲᠷ | ᠥᠨᠳᠥᠷ ᠬᠦᠮᠦᠨ ᠤ ᠱᠤᠭᠤᠮᠠᠯ 4 ᠢᠵᠢ ᠪᠠᠷ ᠪᠦᠷᠢᠯᠳᠦᠨ᠎ᠡ᠂ ᠳᠠᠭᠠᠦ ᠳᠤᠨᠢ ᠥᠷᠲᠡᠭᠡ ᠵᠠᠮ᠂ ᠮᠣᠩᠭᠤᠯ | ᠦᠨᠳᠦᠰᠦᠲᠡᠨ ᠤ ᠣᠨᠴᠠᠯᠢᠭ᠂ ᠠᠯᠲᠠᠨ ᠤᠯᠤᠰ ᠤᠨ ᠤᠲᠠᠰᠤᠨ ᠬᠡᠷᠡᠮ ᠪᠤᠶᠤ ᠲᠡᠭᠦᠨ ᠤ ᠲᠣᠳᠤᠷᠬᠠᠢ ᠨᠡᠷᠡᠶᠢᠳᠦᠯ | ᠵᠡᠷᠭᠡ ᠶᠢ ᠪᠦᠳᠦᠬᠦᠪᠴᠢ ᠪᠠᠷ 930 ᠲᠡᠭᠰᠢ ᠳᠥᠷᠪᠡᠯᠵᠢᠨ ᠮᠧᠲᠷ ᠪᠦᠬᠦᠢ ᠬᠡᠪᠴᠢᠶ᠎ᠡ ᠲᠠᠢ ᠱᠤᠭᠤᠮᠠᠯ ᠢᠶᠠᠷ | ᠳᠡᠯᠭᠡᠨ ᠦᠵᠡᠭᠦᠯᠵᠡᠢ᠃ | | | | | ᠱᠤᠭᠤᠮᠠᠯ ᠦᠵᠡᠰᠭᠦᠯᠡᠩ ᠤᠨ ᠴᠣᠭᠴᠠᠯᠠᠪᠤᠷᠢ᠂ ᠰᠢᠨ᠎ᠡ ᠰᠡᠪᠡᠭᠦᠨ ᠠᠬᠤᠢ ᠪᠠᠶᠢᠳᠠᠯ ᠢᠶᠠᠷ ᠮᠠᠨ ᠤ ᠰᠢᠶᠠᠨ ᠨᠢ | ᠲᠤᠬᠠᠶ ᠶᠢᠨ ᠵᠢᠯ ᠤᠨ ︽ᠵᠠᠩᠴᠢᠬᠦᠦ — ᠬᠦᠷᠢᠶ᠎ᠡ ᠬᠦᠷᠬᠦ ᠶᠡᠭᠡ ᠵᠠᠮ︾ ᠤᠨ ᠠᠷᠠᠯᠵᠢᠶᠠᠨ ᠤ ᠬᠠᠷᠢᠯᠴᠠᠭ᠎ᠠ᠂ | ᠰᠣᠶᠣᠯ ᠤᠨ ᠰᠣᠯᠢᠯᠴᠠᠭ᠎ᠠ᠂ ᠲᠡᠦᠬᠡ ᠶᠢᠨ ᠤᠯᠪᠠᠭ᠎ᠠ ᠵᠢᠴᠢ ᠲᠡᠭᠦᠯᠳᠡᠷ ᠶᠡᠭᠡ ᠠᠴᠢ ᠬᠤᠯᠪᠤᠭᠳᠠᠯ ᠢ ᠳᠠᠬᠢᠨ | ᠬᠠᠷᠠᠭᠤᠯᠵᠤ ᠳᠡᠯᠭᠡᠨ ᠦᠭᠦᠯᠡᠵᠡᠢ᠃ | ︵ᠬᠤᠶᠠᠷ︶ ᠵᠠᠪᠰᠠᠷ ᠤᠨ ᠥᠷᠲᠡᠭᠡ | | ᠬᠤᠸᠠᠳᠧ ᠰᠢᠶᠠᠨ ︵ᠤᠤᠯ ᠨᠡᠷ᠎ᠡ ᠨᠢ ᠵᠠᠪᠰᠠᠷ︶ ᠤᠭ ᠨᠢ ᠵᠠᠩᠴᠢᠬᠦᠦ — ᠬᠦᠷᠢᠶ᠎ᠡ ᠬᠦᠷᠬᠦ ᠶᠡᠭᠡ ᠵᠠᠮ ᠤᠨ | ᠠᠷᠪᠠᠨ ᠨᠢᠭᠡᠨ ᠥᠷᠲᠡᠭᠡᠨ ᠤ ᠴᠢᠬᠤᠯᠠ ᠨᠢᠭᠡ ᠥᠷᠲᠡᠭᠡ ᠪᠠᠶᠢᠭᠰᠠᠨ ᠶᠤᠮ᠃ ᠲᠤᠬᠠᠶ ᠶᠢᠨ ᠦᠶ᠎ᠡ ᠶᠢᠨ ᠮᠣᠩᠭᠤᠯ ᠳᠤ | ᠨᠡᠪᠲᠡᠷᠡᠬᠦ ᠶᠠᠪᠤᠭᠤᠯ ᠤᠨ ᠠᠷᠠᠯᠵᠢᠶᠠᠴᠢᠳ ᠤᠨ ᠡᠷᠬᠡᠪᠰᠢ ᠥᠩᠭᠡᠷᠡᠬᠦ ᠲᠠᠯ᠎ᠠ ᠨᠣᠲᠤᠭ ᠤᠨ ᠥᠷᠲᠡᠭᠡ ᠵᠠᠮ ᠪᠥᠭᠡᠳ | ᠴᠢᠬᠤᠯᠠ ᠵᠠᠮ ᠨᠡᠪᠲᠡᠷᠡᠯᠭᠡ ᠶᠢᠨ ᠬᠦᠢᠰᠤ ᠪᠣᠯᠣᠭᠰᠠᠨ ᠭᠠᠵᠠᠷ ᠪᠠᠶᠢᠵᠠᠢ᠃ ᠵᠠᠪᠰᠠᠷ ᠤᠨ ᠥᠷᠲᠡᠭᠡ ᠨᠢ ᠶᠠᠭ | ᠣᠳᠣ ᠶᠢᠨ ᠴᠠᠩ ᠱᠦᠨ ᠵᠡᠭᠡᠯᠢ ᠶᠢᠨ ᠰᠢᠤᠳᠠᠨ ᠤ ᠲᠣᠪᠴᠢᠶᠠᠨ ᠤ ᠪᠠᠶᠢᠷᠢᠯᠠᠵᠤ ᠪᠠᠶᠢᠭ᠎ᠠ ᠭᠠᠵᠠᠷ ᠪᠣᠯᠣᠨ᠎ᠠ᠃ | ᠮᠣᠩᠭᠤᠯ ᠳᠤ ᠨᠡᠪᠲᠡᠷᠡᠬᠦ ᠶᠠᠪᠤᠭᠤᠯ ᠤᠨ ᠠᠷᠠᠯᠵᠢᠶᠠᠴᠢᠳ ᠤᠨ ᠠᠶᠠᠨ ᠤ ᠴᠣᠪᠤᠭ᠎ᠠ᠂ ᠵᠢᠩ ᠤᠨ ᠬᠤᠩᠬᠤᠨ ᠤ | ᠴᠢᠮᠡᠭᠡ ᠡᠨᠡ ᠶᠡᠭᠡ ᠵᠠᠮ ᠳᠡᠭᠡᠷ᠎ᠡ ᠤᠷᠴᠢᠵᠤ ᠵᠣᠷᠴᠢᠭᠰᠠᠨ ᠤᠯᠠ ᠮᠥᠷ ᠨᠢ ᠪᠠᠯᠠᠷᠠᠭᠰᠠᠨ ᠴᠤ ᠦᠯᠡᠳᠡᠵᠦ | ᠬᠤᠴᠤᠷᠤᠭᠰᠠᠨ ᠰᠤᠶᠤᠯ ᠲᠡᠦᠭᠡ ᠶᠢᠨ ᠠᠭᠤᠳᠠᠯᠠᠮᠵᠢ ᠨᠢ ᠥᠨᠥ ᠴᠠᠭ ᠤᠨ ᠦᠨ᠎ᠡ ᠲᠤᠨᠢ ᠥᠪ ᠪᠣᠯᠣᠭᠰᠠᠨ ᠪᠠᠶᠢᠨ᠎ᠠ᠃ | | | | | | ᠣᠷᠴᠢᠭᠤᠯᠤᠭᠴᠢ᠄ ᠭᠡᠷᠡᠯ | | | | | | |