⒈ ᠵᠣᠨ ᠤ ᠬᠠᠯᠠᠭᠤᠨ ᠳᠤ ᠳᠠᠪᠣᠰᠦ ᠲᠠᠢ ᠪᠣᠴᠠᠯᠣᠭᠰᠠᠨ ᠣᠰᠦ ᠶᠢ ᠦᠷᠬᠦᠯᠵᠢ ᠣᠣᠭᠤᠵᠦ ᠪᠠᠶᠢᠪᠠᠯ᠂ | ᠪᠡᠶ᠎ᠡ ᠠᠴᠠ ᠬᠦᠯᠦᠰᠦ ᠠᠷᠪᠢᠨ ᠭᠠᠷᠣᠭᠠᠳ ᠳᠠᠪᠣᠰᠣᠨ ᠤ ᠪᠦᠷᠢᠯᠳᠦᠬᠦᠨ ᠳᠣᠳᠠᠭᠳᠠᠬᠤ ᠶᠢ ᠨᠦᠬᠦᠪᠦᠷᠢᠯᠡᠵᠦ | ᠴᠢᠳᠠᠬᠤ ᠪᠠᠷ ᠪᠠᠷᠠᠬᠤ ᠦᠭᠡᠢ ᠨᠠᠷᠠᠰᠢᠬᠤ ᠠᠴᠠ ᠰᠡᠷᠭᠡᠶᠢᠯᠡᠵᠦ ᠴᠢᠳᠠᠨ᠎ᠠ᠃ ⒉ ᠳᠠᠭᠤᠣ ᠳᠠᠭᠤᠯᠠᠬᠤ ᠠᠴᠠ ᠪᠠᠨ | ᠡᠮᠦᠨ᠎ᠡ ᠳᠠᠪᠣᠰᠦ ᠲᠠᠢ ᠪᠣᠴᠠᠯᠣᠭᠰᠠᠨ ᠣᠰᠦ ᠣᠣᠭᠤᠪᠠᠯ ᠬᠤᠭᠤᠯᠠᠢ ᠬᠠᠳᠠᠬᠤ ᠪᠣᠶᠣ ᠳᠠᠭᠤ ᠰᠦᠬᠡᠩᠬᠡᠶᠢᠷᠡᠬᠦ ᠶᠢ | ᠰᠡᠷᠬᠡᠶᠢᠯᠡᠨ᠎ᠡ᠃ ⒊ ᠬᠠᠰᠢ ᠶᠢᠨ ᠦᠨᠳᠣᠰᠦ ᠶᠢ ᠳᠠᠪᠣᠰᠦ ᠲᠠᠢ ᠣᠰᠣᠨ ᠳᠤ ᠴᠢᠨᠠᠭᠠᠳ ᠬᠦᠯ ᠢᠶᠠᠨ ᠣᠬᠢᠶᠠᠪᠠᠯ | ᠬᠦᠯ ᠤᠨ ᠪᠠᠯᠴᠢᠷᠣᠣ ᠶᠢ ᠠᠷᠢᠯᠭᠠᠨ᠎ᠠ᠃ ⒋ ᠳᠠᠪᠣᠰᠦ ᠲᠠᠢ ᠣᠰᠦ ᠨᠢ ᠪᠠᠺᠲ᠋ᠧᠷᠢ ᠶᠢ ᠣᠰᠠᠳᠬᠠᠬᠤ ᠳᠤ ᠵᠣᠬᠢᠬᠤ | ᠬᠡᠮᠵᠢᠶᠡᠨ ᠤ ᠦᠢᠯᠡᠳᠦᠯ ᠲᠠᠢ ᠪᠣᠯᠬᠤᠷ ᠬᠦᠩᠬᠡᠨ ᠰᠢᠷᠬ᠎ᠠ᠂ ᠬᠠᠯᠠᠭᠠᠭᠰᠠᠨ ᠰᠢᠷᠬ᠎ᠠ ᠶᠢ ᠳᠠᠪᠣᠰᠦ ᠲᠠᠢ ᠣᠰᠦ ᠪᠠᠷ | ᠣᠬᠢᠶᠠᠪᠡᠯ ᠡᠪᠡᠳᠬᠦ ᠶᠢ ᠬᠦᠩᠬᠡᠷᠡᠬᠦᠯᠬᠦ ᠦᠢᠯᠡᠳᠦᠯ ᠲᠠᠢ᠃ ⒌ ᠦᠶ᠎ᠡ ᠬᠡᠰᠢᠬᠦᠨ ᠤ ᠡᠪᠡᠳᠴᠢᠨ ᠲᠠᠢ ᠬᠦᠮᠦᠰ | ᠳᠠᠪᠣᠰᠦ ᠶᠢ ᠬᠠᠯᠠᠭᠠᠭᠠᠳ ᠣᠭᠤᠳᠠᠨ ᠳᠤ ᠬᠢᠵᠦ ᠡᠪᠡᠳᠴᠦ ᠪᠠᠶᠢᠭ᠎ᠠ ᠭᠠᠵᠠᠷ ᠲᠠᠭᠠᠨ ᠵᠢᠩ ᠪᠠᠷᠢᠪᠠᠯ ᠡᠪᠡᠳᠬᠦ ᠶᠢ ᠨᠢ | ᠨᠠᠮᠳᠠᠭᠤᠯᠳᠠᠭ᠃ ⒍ ᠦᠷᠯᠦᠭᠡ ᠪᠦᠷᠢ ᠨᠢᠭᠡ ᠴᠣᠮᠣ ᠳᠠᠪᠣᠰᠦ ᠲᠠᠢ ᠣᠰᠦ ᠣᠣᠭᠤᠪᠠᠯ ᠬᠤᠷᠭᠤᠰᠣᠯᠠᠬᠤ ᠠᠴᠠ | ᠰᠡᠷᠬᠡᠶᠢᠯᠡᠵᠦ ᠴᠢᠳᠠᠨ᠎ᠠ᠃ ⒎ ᠨᠢᠭᠡ ᠵᠢᠩ ᠳᠠᠪᠣᠰᠦ ᠶᠢ ᠬᠠᠭᠤᠷᠴᠦ ᠬᠠᠯᠠᠭᠤᠯᠣᠭᠠᠳ ᠬᠦᠢᠰᠦᠨ ᠳᠡᠭᠡᠷ᠎ᠡ ᠪᠠᠨ ᠵᠢᠩ | ᠪᠠᠷᠢᠪᠠᠯ ᠪᠦᠭᠡᠷᠳᠡᠭ ᠡᠪᠡᠳᠴᠢᠨ ᠶᠢ ᠵᠠᠰᠠᠨ᠎ᠠ᠃ ⒏ ᠳᠠᠪᠣᠰᠦ ᠪᠠ ᠡᠯᠡᠰᠦ ᠶᠢ ᠣᠰᠣᠨ ᠳᠤ ᠪᠠᠭ᠎ᠠ ᠬᠢᠵᠦ | ᠳᠣᠯᠣᠭᠠᠢ ᠪᠠᠨ ᠣᠬᠢᠶᠠᠪᠡᠯ ᠳᠣᠯᠣᠭᠠᠢ ᠵᠠᠭᠠᠳᠣᠨᠠᠬᠤ᠂ ᠬᠡᠵᠢᠭᠡ ᠣᠨᠠᠬᠤ ᠶᠢ ᠵᠠᠰᠠᠬᠤ ᠮᠦᠷᠳᠡᠭᠡᠨ ᠳᠣᠯᠣᠭᠠᠢ ᠶᠢᠨ | ᠬᠠᠭ ᠢ ᠪᠠᠭᠠᠰᠬᠠᠬᠤ ᠪᠣᠯᠣᠨ᠎ᠠ᠃ ⒐ ᠬᠦᠯᠳᠡᠭᠰᠡᠨ ᠰᠢᠷᠬ᠎ᠠ ᠶᠢ ᠳᠠᠪᠣᠰᠦ ᠲᠠᠢ ᠬᠠᠯᠠᠭᠤᠨ ᠣᠰᠦ ᠪᠠᠷ ᠣᠬᠢᠶᠠᠪᠠᠯ | ᠵᠠᠭᠠᠳᠣᠨᠠᠬᠤ ᠶᠢ ᠵᠣᠭᠰᠣᠭᠠᠵᠦ ᠴᠢᠳᠠᠨ᠎ᠠ᠃ ⒑ ᠵᠣᠬᠢᠬᠤ ᠬᠡᠮᠵᠢᠶᠡᠨ ᠤ ᠳᠠᠪᠣᠰᠦ ᠶᠢ ᠵᠢᠩᠨᠡᠵᠦ ᠬᠠᠯᠠᠭᠤᠯᠣᠭᠠᠳ | ᠣᠭᠤᠳᠠᠨ ᠳᠤ ᠬᠢᠵᠦ ᠳᠠᠷᠠᠯᠡᠪᠡᠯ ᠴᠢᠬᠢ ᠬᠠᠩᠬᠢᠨᠠᠬᠤ ᠶᠢ ᠵᠠᠰᠠᠨ᠎ᠠ᠃ ⒒ ᠳᠠᠪᠣᠰᠦ ᠲᠠᠢ ᠣᠰᠦ ᠪᠠᠷ ᠨᠢᠯᠬ᠎ᠠ | ᠬᠡᠣᠬᠡᠳ ᠤᠨ ᠪᠡᠶ᠎ᠡ ᠶᠢ ᠣᠬᠢᠶᠠᠪᠠᠯ ᠰᠢᠷ᠎ᠠ ᠦᠰᠦ ᠶᠢ ᠨᠢ ᠣᠨᠠᠭᠠᠬᠤ ᠮᠦᠷᠳᠡᠭᠡᠨ ᠪᠡᠶ᠎ᠡ ᠨᠢ ᠳᠠᠭᠠᠯᠠᠮᠵᠢᠳᠠᠢ ᠪᠣᠯᠵᠦ | ᠬᠠᠩᠭᠠᠮᠵᠢᠳᠠᠢ ᠣᠨᠳᠠᠳᠠᠭ᠃ ⒓ ᠬᠤᠷᠣᠬᠠᠢ ᠰᠢᠪᠠᠵᠢ ᠳᠤ ᠬᠠᠵᠠᠭᠳᠠᠭᠰᠠᠨ ᠭᠠᠵᠠᠷ ᠢ ᠳᠠᠪᠣᠰᠦ ᠲᠠᠢ ᠣᠰᠦ ᠪᠠᠷ | ᠣᠬᠢᠶᠠᠵᠦ ᠠᠷᠢᠭᠤᠳᠬᠠᠪᠠᠯ ᠵᠠᠭᠠᠳᠣᠨᠠᠵᠦ ᠡᠪᠡᠳᠬᠦ ᠨᠢ ᠵᠦᠬᠡᠷ ᠪᠣᠯᠳᠠᠭ᠃ ⒔ ᠬᠦᠢᠳᠡᠨ ᠢᠶᠠᠷ ᠳᠠᠪᠣᠰᠠᠩ ᠡᠪᠡᠳᠬᠦ | ᠪᠣᠶᠣ ᠰᠢᠬᠡᠰᠦ ᠬᠤᠷᠢᠭᠳᠠᠪᠠᠯ ᠳᠠᠪᠣᠰᠦ ᠶᠢ ᠬᠠᠭᠤᠷᠴᠦ ᠬᠠᠯᠠᠭᠤᠯᠣᠭᠠᠳ ᠪᠦᠰ ᠣᠭᠤᠳᠠᠨ ᠳᠤ ᠬᠢᠵᠦ ᠳᠠᠪᠣᠰᠠᠩ | ᠳᠡᠭᠡᠷ᠎ᠡ ᠪᠠᠨ ᠬᠠᠯᠠᠭᠤᠨ ᠵᠢᠩ ᠪᠠᠷᠢᠪᠡᠯ ᠳᠣᠰᠠᠯᠠᠨ᠎ᠠ᠃ ⒕ ᠬᠤᠣᠷᠳᠠᠢ ᠢᠳᠡᠬᠡᠨ ᠢ ᠢᠳᠡᠭᠰᠡᠨ ᠬᠦᠮᠦᠨ ᠳᠠᠪᠣᠰᠦ ᠲᠠᠢ | ᠪᠣᠴᠠᠯᠣᠭᠰᠠᠨ ᠣᠰᠦ ᠣᠣᠭᠤᠪᠠᠯ ᠬᠤᠣᠷ ᠨᠢ ᠳᠠᠶᠢᠯᠣᠭᠳᠠᠨ᠎ᠠ᠃ | | ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ |