ᠤᠰᠤ ᠢᠯᠡᠭᠦᠦ ᠤᠤᠭᠤᠪᠡᠯ ᠲᠡᠷᠢᠬᠢ ᠬᠦᠩᠭᠡᠨ ᠪᠤᠯᠤᠨ᠎ᠡ
ᠨᠡᠶᠢᠲᠡᠯᠡᠭᠰᠡᠨ ᠴᠠᠭ᠄
2020-07-24
   ︽ᠰᠢᠮ᠎ᠡ ᠲᠡᠵᠢᠭᠡᠯ ᠤᠨ ᠰᠤᠳᠤᠯᠤᠯ︾ ᠬᠡᠰᠡᠨ ᠰᠡᠳᠭᠦᠯ ᠳᠤ ᠨᠡᠶᠢᠲᠡᠯᠡᠭᠰᠡᠨ ᠰᠡᠭᠦᠯ ᠤᠨ ᠦᠶ᠎ᠡ ᠶᠢᠨ ᠰᠤᠳᠤᠯᠭᠠᠨ ᠤ ᠳ᠋ᠦᠩ ᠠᠴᠠ ᠦᠵᠡᠪᠡᠯ᠂ ᠢᠯᠡᠭᠦᠦ ᠤᠰᠤ ᠤᠤᠭᠤᠬᠤ ᠨᠢ ᠬᠡᠦᠭᠡᠳ ᠤᠨ ᠡᠷᠡᠭᠦᠯ ᠢᠶᠠᠷ ᠦᠰᠦᠨ ᠪᠤᠶᠢᠵᠢᠬᠤ ᠳᠤ ᠠᠰᠢᠬᠳᠠᠢ ᠪᠠᠷ ᠪᠠᠷᠠᠬᠤ ᠦᠭᠡᠢ ᠲᠡᠳᠡᠨ ᠤ ᠤᠴᠢᠷ ᠶᠠᠪᠤᠳᠡᠯ ᠰᠢᠢᠳᠪᠦᠷᠢᠯᠡᠬᠦ ᠴᠢᠳᠠᠪᠦᠷᠢ ᠶᠢ ᠨᠢ ᠲᠡᠭᠡᠭᠰᠢᠯᠡᠭᠦᠯᠬᠦ ᠪᠤᠯᠤᠨ᠎ᠡ᠃    ᠠᠮᠧᠷᠢᠺᠠ ᠶᠢᠨ ᠨᠢᠭᠡ ᠰᠤᠳᠤᠯᠭᠠᠨ ᠤ ᠪᠦᠯᠭᠦᠮ ᠦᠨᠦᠭᠡᠨ 9 — 11 ᠨᠠᠰᠤᠨ ᠤ ᠬᠤᠭᠤᠷᠤᠨᠳᠤᠬᠢ 75 ᠬᠡᠦᠭᠡᠳ ᠢᠶᠠᠷ ᠲᠤᠷᠰᠢᠯᠲᠡ ᠬᠢᠵᠠᠢ᠃ ᠲᠡᠳᠡ ᠡᠬᠢᠨ ᠤ 4 ᠬᠤᠨᠤᠭ ᠲᠤ ᠡᠲᠡᠭᠡᠷ ᠬᠡᠦᠭᠡᠳ ᠲᠤ ᠡᠳᠤᠷ ᠪᠦᠷᠢ 0.5 ᠯᠢᠲᠷ ᠤᠰᠤ ᠤᠤᠭᠤᠯᠭᠠᠵᠦ᠂ ᠰᠡᠭᠦᠯ ᠤᠨ 4 ᠬᠤᠨᠤᠭ ᠲᠤ ᠡᠳᠤᠷ ᠪᠦᠷᠢ 2.5 ᠯᠢᠲᠷ ᠤᠰᠤ ᠤᠤᠭᠤᠯᠭᠠᠭᠰᠡᠨ ᠪᠠᠶᠢᠨ᠎ᠡ ︵0.5 ᠯᠢᠲᠷ ᠤᠰᠤ ᠪᠤᠯ ᠬᠡᠦᠭᠡᠳ ᠤᠨ ᠡᠳᠤᠷ ᠪᠦᠷᠢ ᠱᠠᠭᠠᠷᠳᠠᠬᠳᠠᠬᠤ ᠬᠠᠮᠤᠭ ᠤᠨ ᠲᠤᠤᠷ᠎ᠡ ᠬᠡᠮᠵᠢᠶ᠎ᠡ ᠪᠤᠯᠤᠨ᠎ᠡ︶᠃ ᠲᠤᠷᠰᠢᠯᠲᠡ ᠶᠢᠨ ᠳ᠋ᠦᠩ ᠠᠴᠠ ᠦᠵᠡᠪᠡᠯ᠂ ᠰᠡᠭᠦᠯ ᠤᠨ 4 ᠬᠤᠨᠤᠭ ᠲᠤ ᠡᠲᠡᠭᠡᠷ ᠬᠡᠦᠭᠡᠳ ᠤᠨ ᠤᠴᠢᠷ ᠶᠠᠪᠤᠳᠡᠯ ᠰᠢᠢᠳᠪᠦᠷᠢᠯᠡᠬᠦ ᠴᠢᠳᠠᠪᠦᠷᠢ ᠨᠢ ᠨᠠᠯᠢᠶᠠᠳ ᠲᠡᠭᠡᠭᠰᠢᠯᠡᠵᠦ᠂ ᠲᠡᠷᠢᠬᠢ ᠲᠤᠯᠤᠭᠠᠢ ᠨᠢ ᠨᠡᠩ ᠬᠦᠩᠭᠡᠨ ᠪᠤᠯᠤᠭᠰᠡᠨ ᠪᠠᠶᠢᠨ᠎ᠡ᠃ ᠦᠭᠡᠷ᠎ᠡ ᠪᠠᠷ ᠬᠡᠯᠡᠪᠡᠯ᠂ ᠬᠡᠦᠭᠡᠳ ᠢᠯᠡᠭᠦᠦ ᠤᠰᠤ ᠤᠤᠭᠤᠬᠤ ᠨᠢ ᠲᠡᠳᠡᠨ ᠤ ᠪᠤᠳᠤᠯᠢᠶᠠᠨᠳᠠᠢ ᠪᠠᠶᠢᠲᠡᠯ ᠢ ᠰᠢᠢᠳᠪᠦᠷᠢᠯᠡᠬᠦ ᠴᠢᠳᠠᠪᠦᠷᠢ ᠶᠢ ᠨᠢ ᠲᠡᠭᠡᠭᠰᠢᠯᠡᠭᠦᠯᠬᠦ ᠳᠤ ᠠᠰᠢᠬᠲᠠᠢ ᠶᠤᠮ᠃ ᠰᠤᠳᠤᠯᠤᠭᠠᠴᠢᠳ ᠵᠢᠭᠠᠬᠤ ᠳᠠᠭᠠᠨ᠂ ᠬᠡᠦᠭᠡᠳ ᠤᠳ ᠤᠯᠠᠩᠭᠢ ᠳᠠᠭᠠᠨ ᠰᠠᠨᠠᠭᠠᠴᠢᠯᠠᠭ᠎ᠠ ᠠᠴᠠ ᠪᠠᠨ ᠤᠰᠤ ᠤᠤᠭᠤᠬᠤ ᠦᠭᠡᠢ ᠪᠤᠯᠬᠤᠷ ᠲᠡᠳᠡᠨ ᠤ ᠪᠡᠶ᠎ᠡ ᠳᠤ ᠦᠷᠭᠦᠯᠵᠢ ᠤᠰᠤ ᠲᠤᠳᠠᠬᠤ ᠪᠠᠶᠢᠳᠡᠯ ᠭᠠᠷᠳᠠᠭ᠂ ᠡᠶᠢᠮᠦ ᠠᠴᠠ ᠭᠡᠷ ᠤᠨ ᠠᠬᠠᠮᠠᠳ ᠤᠳ ᠪᠠᠶᠢᠩᠭᠤ ᠤᠰᠤ ᠤᠤᠭᠤᠬᠤ ᠶᠢ ᠬᠡᠦᠭᠡᠳ ᠲᠡᠭᠡᠨ ᠰᠠᠨᠠᠭᠤᠯᠬᠤ ᠨᠢ ᠮᠠᠰᠢ ᠴᠢᠬᠤᠯᠠ ᠶᠤᠮ ᠬᠡᠵᠡᠢ᠃             ᠢᠷᠡᠯᠲᠡ᠄ ᠲᠤᠮᠳᠠᠲᠦ ᠤᠯᠤᠰ ᠤᠨ ᠮᠤᠩᠭᠤᠯ ᠷᠡᠳᠢᠤ᠋ ᠰᠦᠯᠵᠢᠶ᠎ᠡ
 
ᠢᠷᠡᠯᠲᠡ᠄ ᠲᠤᠮᠳᠠᠲᠦ ᠤᠯᠤᠰ ᠤᠨ ᠮᠤᠩᠭᠤᠯ ᠷᠡᠳᠢᠤ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004651号-2