ᠣᠶᠢᠷ᠎ᠠ ᠳᠤ᠂ ᠬᠠᠤᠯᠢ ᠬᠡᠷᠡᠭᠵᠢᠭᠦᠯᠬᠦ ᠦᠷ᠎ᠡ ᠠᠰᠢᠬ ᠢ ᠳᠡᠭᠡᠭᠰᠢᠯᠡᠭᠦᠯᠵᠦ᠂ ᠣᠯᠠᠨ ᠲᠦᠮᠡᠨ ᠳᠤ ᠲᠥᠬᠦᠮ | ᠦᠵᠡᠭᠦᠯᠬᠦ ᠶᠢᠨ ᠲᠥᠯᠥᠭᠡ᠂ ᠡᠳ᠋ ᠤᠨ ᠵᠠᠰᠠᠭ ᠤᠨ ᠶᠠᠮᠤᠨ᠂ ᠳᠣᠲᠣᠭᠠᠳᠤ ᠶᠢ ᠬᠠᠮᠠᠭᠠᠯᠠᠬᠤ ᠶᠠᠮᠤᠨ᠂ ᠳᠤᠮᠳᠠᠳᠤ | ᠤᠯᠤᠰ ᠤᠨ ᠠᠷᠠᠳ ᠤᠨ ᠪᠠᠩᠬᠢ ᠬᠠᠮᠲᠤᠷᠠᠨ ︽ᠵᠠᠮ ᠬᠠᠷᠢᠯᠴᠠᠭᠠᠨ ᠤ ᠬᠠᠤᠯᠢ ᠠᠴᠠ ᠵᠥᠷᠢᠴᠡᠭᠰᠡᠨ ᠲᠣᠷᠭᠠᠭᠤᠯᠢ ᠶᠢᠨ | ᠮᠦᠩᠬᠦ ᠶᠢ ᠮᠤᠵᠢ ᠠᠯᠤᠰᠯᠠᠨ ᠣᠨᠳᠣᠤ ᠭᠠᠵᠠᠷ ᠲᠤᠰᠢᠶᠠᠵᠦ ᠪᠤᠯᠬᠤ ᠠᠵᠢᠯ ᠢ ᠬᠡᠷᠡᠭᠵᠢᠭᠦᠯᠬᠦ ᠲᠤᠬᠠᠶ ᠮᠡᠳᠡᠭᠳᠡᠯ︾ | ᠲᠠᠷᠬᠠᠭᠠᠵᠤ᠂ ᠡᠨᠡ ᠵᠢᠯ ᠤᠨ 5 ᠰᠠᠷ᠎ᠠ ᠶᠢᠨ 1 ᠤ ᠡᠳᠦᠷ ᠠᠴᠠ ᠡᠬᠢᠯᠡᠨ᠂ ᠵᠠᠮ ᠬᠠᠷᠢᠯᠴᠠᠭᠠᠨ ᠤ ᠬᠠᠤᠯᠢ ᠠᠴᠠ | ᠵᠥᠷᠢᠴᠡᠭᠰᠡᠨ ᠲᠤᠬᠠᠶ ᠶᠢᠨ ᠲᠠᠯᠠᠪᠤᠷ ᠤᠨ ᠪᠤᠰᠤ ᠲᠣᠷᠭᠠᠭᠤᠯᠢ ᠶᠢᠨ ᠮᠦᠩᠭᠦ ᠶᠢ ᠪᠥᠬᠦ ᠤᠯᠤᠰ ᠤᠨ ᠬᠡᠪᠴᠢᠶᠡᠨ ᠳᠤ | ᠮᠤᠵᠢ ᠠᠯᠤᠰᠯᠠᠨ ᠣᠨᠳᠣᠤ ᠭᠠᠵᠠᠷ ᠲᠤᠰᠢᠶᠠᠵᠤ ᠪᠤᠯᠬᠤ ᠪᠣᠯᠭᠠᠨ᠎ᠠ ᠭᠡᠵᠡᠢ᠃ | ᠮᠤᠵᠢ ᠠᠯᠤᠰᠯᠠᠨ ᠣᠨᠳᠣᠤ ᠭᠠᠵᠠᠷ ᠲᠣᠷᠭᠠᠭᠤᠯᠢ ᠶᠢᠨ ᠵᠣᠭᠤᠰ ᠲᠤᠰᠢᠶᠠᠬᠤ ᠳᠤ ᠪᠠᠶᠢᠩᠭᠤ ᠲᠣᠬᠢᠶᠠᠯᠳᠤᠳᠠᠭ | ᠠᠰᠠᠭᠤᠳᠠᠯ ᠤᠳ᠄ | 1. ᠶᠠᠭᠤ ᠶᠢ ᠵᠠᠮ ᠬᠠᠷᠢᠯᠴᠠᠭᠠᠨ ᠤ ᠬᠠᠤᠯᠢ ᠠᠴᠠ ᠵᠥᠷᠢᠴᠡᠭᠰᠡᠨ ᠲᠤᠬᠠᠶ ᠶᠢᠨ ᠲᠠᠯᠠᠪᠤᠷ ᠤᠨ ᠪᠤᠰᠤ | ᠲᠤᠷᠭᠠᠭᠤᠯᠢ ᠶᠢᠨ ᠮᠦ᠋ᠩᠭᠦ ᠭᠡᠬᠦ ᠪᠣᠶ︖ | ᠵᠠᠮ ᠬᠠᠷᠢᠯᠴᠠᠭᠠᠨ ᠤ ᠬᠠᠤᠯᠢ ᠠᠴᠠ ᠵᠥᠷᠢᠴᠡᠭᠰᠡᠨ ᠲᠤᠬᠠᠶ ᠶᠢᠨ ᠲᠠᠯᠠᠪᠤᠷ ᠤᠨ ᠪᠤᠰᠤ ᠲᠤᠷᠭᠠᠭᠤᠯᠢ ᠶᠢᠨ | ᠮᠦᠩᠭᠦᠭᠡᠳᠡᠭ ᠨᠢ ᠶᠡᠷᠦᠳᠡᠭᠡᠨ ᠵᠠᠮ ᠬᠠᠷᠢᠯᠴᠠᠭᠠᠨ ᠤ ᠮᠡᠷᠭᠡᠵᠢᠯ ᠤᠨ ᠬᠢᠨᠠᠨ ᠡᠵᠡᠮᠳᠡᠬᠦ ᠲᠥᠬᠦᠭᠡᠷᠦᠮᠵᠢ ᠳᠤ | ᠲᠡᠮᠳᠡᠭᠯᠡᠭᠳᠡᠭᠰᠡᠨ ᠵᠠᠮ ᠬᠠᠷᠢᠯᠴᠠᠭᠠᠨ ᠤ ᠠᠮᠤᠷ ᠲᠦᠪᠰᠢᠨ ᠤ ᠬᠠᠤᠯᠢ ᠠᠴᠠ ᠵᠥᠷᠢᠴᠡᠭᠰᠡᠨ ᠦᠢᠯᠡ ᠠᠵᠢᠯᠯᠠᠭ᠎ᠠ ᠠᠴᠠ | ᠪᠣᠢ ᠪᠣᠯᠤᠭᠰᠠᠨ ᠲᠤᠷᠭᠠᠭᠤᠯᠢ ᠶᠢ ᠵᠢᠭᠠᠵᠤ ᠪᠣᠢ᠃ ᠵᠠᠮ ᠬᠠᠷᠢᠯᠴᠠᠭᠠᠨ ᠤ ᠳ᠋ᠧᠩ ᠤᠨ ᠳᠦᠷᠢᠮ ᠠᠴᠠ ᠵᠦᠷᠢᠴᠡᠭᠰᠡᠨ᠂ | ᠲᠤᠬᠲᠠᠬᠰᠠᠨ ᠬᠤᠷᠳᠤᠴᠠ ᠠᠴᠠ ᠬᠡᠲᠦᠷᠡᠭᠦᠯᠦᠭᠰᠡᠨ ᠵᠡᠷᠭᠡ ᠦᠶ᠋ᠯᠡ ᠠᠵᠢᠯᠯᠠᠭ᠎ᠠ ᠨᠢ ᠰᠡᠭᠦᠳᠡᠷᠯᠡᠬᠦ ᠮᠠᠰᠢᠨ ᠳᠤ | ᠰᠡᠭᠦᠳᠡᠷᠯᠡᠭᠳᠡᠭᠰᠡᠨ ᠤ ᠳᠠᠷᠠᠭ᠎ᠠ ᠵᠠᠮ ᠬᠠᠷᠢᠯᠴᠠᠭᠠᠨ ᠤ ᠴᠠᠭᠳᠠᠭ᠎ᠠ ᠭᠡᠷᠡᠴᠢ ᠠᠪᠤᠭᠰᠠᠨ ᠪᠠ ᠲᠦᠷᠢᠮ ᠢ ᠵᠥᠷᠢᠴᠡᠨ | ᠲᠡᠷᠭᠡ ᠪᠠᠨ ᠵᠣᠭᠰᠣᠭᠠᠭᠰᠠᠨ ᠠᠴᠠ ᠵᠠᠮ ᠬᠠᠷᠢᠯᠴᠠᠭᠠᠨ ᠤ ᠴᠠᠭᠳᠠᠭ᠎ᠠ ᠲᠤᠷᠭᠠᠭᠤᠯᠢ ᠶᠢᠨ ᠪᠠᠷᠢᠮᠲᠠ ᠨᠠᠭᠠᠬᠰᠠᠨ ᠨᠢ | ᠴᠥᠮ ᠵᠠᠮ ᠬᠠᠷᠢᠯᠴᠠᠭᠠᠨ ᠤ ᠬᠠᠤᠯᠢ ᠠᠴᠠ ᠵᠥᠷᠢᠴᠡᠭᠰᠡᠨ ᠲᠤᠬᠠᠶ ᠶᠢᠨ ᠲᠠᠯᠠᠪᠤᠷ ᠤᠨ ᠪᠤᠰᠤ ᠠᠵᠢᠯᠯᠠᠭ᠎ᠠ ᠳᠤ | ᠲᠣᠭᠠᠴᠠᠭᠳᠠᠨ᠎ᠠ᠃ | 2. ᠣᠨᠳᠣᠤ ᠭᠠᠵᠠᠷ ᠲᠤ ᠵᠠᠮ ᠬᠠᠷᠢᠯᠴᠠᠭᠠᠨ ᠤ ᠲᠦᠷᠢᠮ ᠠᠴᠠ ᠵᠥᠷᠢᠴᠡᠭᠰᠡᠨ ᠪᠤᠯ ᠲᠣᠷᠭᠠᠭᠤᠯᠢ ᠶᠢᠨ | ᠮᠦᠩᠭᠦ ᠪᠠᠨ ᠬᠡᠷᠬᠢᠨ ᠲᠤᠰᠢᠶᠠᠬᠤ ᠪᠣᠶ︖ | ︵1︶ ᠡᠵᠡᠩᠨᠡᠯᠲᠡ ᠶᠢᠨ ᠴᠡᠭ ᠲᠤ ᠬᠦᠷᠴᠤ ᠲᠤᠰᠢᠶᠠᠬᠤ᠄ ᠵᠣᠭᠤᠰ ᠲᠤᠰᠢᠶᠠᠭᠴᠢ ᠵᠠᠰᠠᠭ ᠵᠠᠬᠢᠷᠭᠠᠨ ᠤ | ᠰᠢᠢᠳᠬᠡᠯ ᠥᠭᠬᠦ ᠰᠢᠢᠳᠪᠦᠷᠢ ᠪᠤᠶᠤ ᠵᠠᠰᠠᠭ ᠵᠠᠬᠢᠷᠭᠠᠨ ᠤ ᠰᠢᠢᠳᠬᠡᠯ ᠥᠭᠬᠦ ᠰᠢᠢᠳᠪᠦᠷᠢ ᠶᠢᠨ ᠳ᠋ᠤᠭᠠᠷ ᠢᠶᠠᠨ ᠠᠪᠴᠤ᠂ | ᠰᠢᠢᠳᠪᠦᠷᠢᠯᠡᠬᠦ ᠭᠠᠵᠠᠷ ᠤᠨ ᠪᠠᠶᠢᠭ᠎ᠠ ᠮᠤᠵᠢ ᠶᠢᠨ ᠣᠷᠣᠯᠠᠭᠴᠢ ᠪᠠᠩᠬᠢ ᠳᠤ ᠬᠦᠷᠴᠦ ᠪᠦᠬᠦ ᠤᠯᠤᠰ ᠤᠨ ᠳᠤᠷ᠎ᠠ ᠶᠢᠨ | ᠡᠵᠡᠩᠨᠡᠯᠲᠡ ᠶᠢᠨ ᠴᠡᠭ ᠲᠤᠲ᠋ᠣᠷᠭᠠᠭᠤᠯᠢ ᠶᠢᠨ ᠮᠦᠩᠭᠦ ᠪᠠᠨ ᠲᠤᠰᠢᠶᠠᠵᠤ ᠪᠣᠯᠤᠨ᠎ᠠ᠃ | ︵2︶ ᠭᠠᠷ ᠤᠲᠠᠰᠤᠨ ᠤ ᠪᠠᠩᠬᠢ ᠵᠡᠷᠭᠡ ᠬᠡᠯᠪᠡᠷᠢ ᠪᠠᠷ ᠲᠤᠰᠢᠶᠠᠬᠤ᠄ ᠵᠣᠭᠤᠰ ᠲᠤᠰᠢᠶᠠᠭᠴᠢ ᠦᠪᠡᠷ ᠵᠶᠠᠨ | ᠺᠣᠮᠫᠢᠦ᠋ᠲ᠋ᠧᠷ᠂ ᠭᠠᠷ ᠤᠲᠠᠰᠤ᠂ ᠪᠠᠩᠬᠢ ᠶᠢᠨ ᠦᠶ᠋ᠯᠡᠴᠢᠯᠡᠬᠦ ᠦᠵᠦᠭᠦᠷᠯᠢᠭ ᠵᠡᠷᠭᠡ ᠶᠢ ᠬᠡᠷᠡᠭᠯᠡᠵᠦ ᠲᠤᠷᠭᠠᠭᠤᠯᠢ ᠶᠢᠨ | ᠮᠦᠩᠭᠦ ᠪᠠᠨ ᠲᠤᠰᠢᠶᠠᠵᠤ ᠪᠤᠯᠤᠨ᠎ᠠ᠃ | 3. ᠡᠵᠡᠩᠨᠡᠯᠲᠡ ᠶᠢᠨ ᠴᠡᠭ ᠲᠤ ᠲᠤᠰᠢᠶᠠᠬᠤ ᠳᠤ ᠡᠷᠬᠡᠪᠰᠢ ᠥᠪᠡᠷ ᠢᠶᠠᠨ ᠬᠦᠷᠴᠤ ᠰᠢᠶ᠋ᠳᠪᠦᠷᠢᠯᠡᠬᠦ ᠬᠡᠷᠡᠭᠲᠡᠶ ᠤᠤ | ︖ | ᠳᠤᠰ ᠬᠦᠮᠦᠨ ᠨᠢ ᠵᠠᠪᠠᠯ ᠤᠴᠢᠬᠰᠠᠨ ᠤ ᠴᠢᠬᠤᠯᠠ ᠦᠬᠡᠢ᠃ ︽ᠮᠣᠵᠢ ᠠᠯᠤᠰᠯᠠᠨ ᠣᠨᠳᠣᠤ ᠭᠠᠵᠠᠷ ᠵᠠᠮ | ᠬᠠᠷᠢᠯᠴᠠᠭᠠᠨ ᠤ ᠬᠠᠤᠯᠢ ᠠᠴᠠ ᠵᠥᠷᠢᠴᠡᠭᠰᠡᠨ ᠲᠤᠬᠠᠢ ᠶᠢᠨ ᠲᠠᠯᠠᠪᠤᠷ ᠤᠨ ᠪᠤᠰᠤ ᠲᠣᠷᠭᠠᠭᠤᠯᠢ ᠶᠢᠨ ᠮᠦᠩᠭᠦ | ᠲᠤᠰᠢᠶᠠᠬᠤ︾ ᠪᠠᠶᠢᠳᠠᠯ ᠳᠤ ᠨᠡᠶᠢᠴᠡᠪᠠᠯ᠂ ᠮᠠᠰᠢᠨ ᠲᠡᠷᠭᠡᠨ ᠤ ᠵᠢᠯᠣᠭᠤᠴᠢ ᠪᠤᠶᠤ ᠲᠡᠭᠦᠨ ᠤ ᠨᠠᠶᠢᠳᠠᠭᠰᠠᠨ | ᠣᠷᠣᠯᠠᠭᠴᠢ ᠨᠢ ᠴᠥᠮ ᠲᠤᠰᠢᠶᠠᠵᠤ ᠪᠣᠯᠤᠨ᠎ᠠ᠃ | 4. ᠢᠯᠡᠭᠦᠤ ᠲᠤᠰᠢᠶᠠᠭᠰᠠᠨ᠂ ᠪᠤᠷᠤᠭᠤ ᠲᠤᠰᠢᠶᠠᠭᠰᠠᠨ ᠪᠠᠶᠢᠪᠠᠯ ᠶᠠᠭᠠᠬᠢᠬᠤ ᠪᠣᠶ︖ | ᠮᠡᠳᠡᠭᠳᠡᠯ ᠳᠤ ᠢᠯᠡᠷᠬᠡᠶᠢᠯᠡᠭᠰᠡᠨ ᠢᠶᠠᠷ᠂ ᠵᠠᠰᠠᠭ ᠵᠠᠬᠢᠷᠭᠠᠨ ᠤ ᠰᠢᠶ᠋ᠳᠬᠡᠯ ᠢ ᠨᠢ ᠬᠦᠴᠦᠨ ᠥᠬᠡᠶ ᠪᠣᠯᠭᠠᠭᠰᠠᠨ᠂ | ᠬᠤᠪᠢᠷᠠᠭᠤᠯᠤᠭᠰᠠᠨ ᠪᠤᠶᠤ ᠵᠣᠭᠤᠰ ᠲᠤᠰᠢᠶᠠᠭᠴᠢ ᠶᠢᠨ ᠠᠯᠳᠠᠭ᠎ᠠ ᠠᠴᠠ ᠪᠣᠯᠵᠣ ᠢᠯᠡᠭᠦᠤ ᠲᠤᠰᠢᠶᠠᠭᠰᠠᠨ᠂ ᠳᠠᠪᠲᠠᠨ | ᠲᠤᠰᠢᠶᠠᠭᠰᠠᠨ᠂ ᠪᠤᠷᠤᠭᠤ ᠲᠤᠰᠢᠶᠠᠭᠰᠠᠨ ᠵᠡᠷᠭᠡ ᠪᠠᠶᠢᠳᠠᠯ ᠭᠠᠷᠴᠤ᠂ ᠲᠣᠭᠲᠠᠭᠠᠯ ᠶᠣᠰᠣᠭᠠᠷ ᠪᠤᠴᠠᠭᠠᠵᠤ ᠠᠪᠤᠶ᠎ᠠ | ᠭᠡᠪᠡᠯ ᠵᠣᠭᠤᠰ ᠲᠤᠰᠢᠶᠠᠭᠴᠢ ᠠᠴᠠ ᠰᠢᠶ᠋ᠳᠪᠦᠷᠢᠯᠡᠭᠰᠡᠨ ᠭᠠᠵᠠᠷ ᠤᠨ ᠢᠶᠠᠨ ᠳᠣᠲᠣᠭᠠᠳᠤ ᠶᠢ ᠬᠠᠮᠠᠭᠠᠯᠠᠬᠤ | ᠪᠠᠶᠢᠭᠤᠯᠭ᠎ᠠ ᠶᠢᠨ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠰᠠᠯᠠᠭ᠎ᠠ ᠮᠥᠴᠢᠷ ᠲᠤ ᠭᠤᠶᠤᠴᠢᠯᠠᠯ ᠬᠢᠵᠦ᠂ | ᠲᠣᠭᠲᠠᠭᠠᠯ ᠶᠣᠰᠣᠭᠠᠷ ᠪᠤᠴᠠᠭᠠᠨ ᠠᠪᠴᠤ ᠪᠤᠯᠤᠨ᠎ᠠ᠃ | ᠪᠡᠯᠡᠳᠭᠡᠭᠰᠡᠨ ᠨᠢ᠄ ᠭᠡᠷᠡᠯ | ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ |