ᠡᠨᠡ ᠡᠳᠦᠷ ᠠᠴᠠ ᠡᠬᠢᠯᠡᠨ ᠤᠯᠠᠭᠠᠨᠴᠠᠪ ᠤᠨ ᠵᠢᠨᠢᠩ ᠨᠢᠰᠬᠡᠯ ᠤᠨ ᠪᠠᠭᠤᠳᠠᠯ ᠳᠤ ᠤᠯᠠᠭᠠᠨᠴᠠᠪ — | ᠱᠠᠩᠬᠠᠶ ᠶᠢᠨ ᠫᠦᠳᠦ᠋ᠩ᠂ ᠤᠯᠠᠭᠠᠨᠴᠠᠪ — ᠵᠧᠩᠵᠧᠤ — ᠭᠤᠸᠠᠩᠵᠧᠦ ᠬᠤᠶᠠᠷ ᠠᠭᠠᠷ ᠠᠶᠠᠯᠠᠯ ᠤᠨ | ᠱᠤᠭᠤᠮ ᠢ ᠰᠢᠨ᠎ᠡ ᠪᠠᠷ ᠨᠡᠮᠡᠭᠰᠡᠨ ᠪᠠᠶᠢᠨ᠎ᠠ᠃ | ᠱᠠᠩᠬᠠᠶ ᠶᠢᠨ ᠫᠦᠳᠦ᠋ᠩ ᠳᠤ ᠬᠦᠷᠬᠦ ᠡᠭᠡᠯᠵᠢ ᠶᠢᠨ ᠨᠢᠰᠬᠡᠯ ᠪᠣᠯ ᠳᠤᠮᠳᠠᠳᠤ ᠤᠯᠤᠰ ᠤᠨ ᠳᠣᠷᠣᠨᠠᠲᠤ ᠶᠢᠨ ᠠᠭᠠᠷ | ᠠᠶᠠᠯᠠᠯ ᠤᠨ ᠺᠣᠮᠫᠠᠨᠢ ᠠᠴᠠ ᠭᠠᠷᠠᠭ ᠪᠦᠷᠢ ᠶᠢᠨ ᠨᠢᠭᠡᠨ᠂ ᠬᠤᠶᠠᠷ᠂ ᠳᠥᠷᠪᠡ᠂ ᠵᠢᠷᠭᠤᠭᠠᠨ ᠳᠤ ᠨᠢᠰᠬᠡᠵᠦ᠂ | ᠡᠭᠡᠯᠵᠢ ᠶᠢᠨ ᠨᠢᠰᠬᠡᠯ ᠤᠨ ᠳ᠋ᠤᠭᠠᠷ ᠨᠢ MU6917/8 ᠪᠣᠯᠤᠨ᠎ᠠ︔ ᠭᠤᠸᠠᠩᠵᠧᠦ ᠳᠤ ᠬᠦᠷᠬᠦ ᠡᠭᠡᠯᠵᠢ ᠶᠢᠨ | ᠨᠢᠰᠬᠡᠯ ᠢ ᠳᠤᠮᠳᠠᠳᠤ ᠤᠯᠤᠰ ᠤᠨ ᠡᠮᠦᠨᠡᠲᠦ ᠶᠢᠨ ᠠᠭᠠᠷ ᠠᠶᠠᠯᠠᠯ ᠤᠨ ᠺᠣᠮᠫᠠᠨᠢ ᠠᠴᠠ ᠭᠠᠷᠠᠭ ᠪᠦᠷᠢ ᠶᠢᠨ ᠨᠢᠬᠡᠨ᠂ | ᠭᠤᠷᠪᠠᠨ᠂ ᠲᠠᠪᠤ᠂ ᠡᠳᠦᠷ ᠲᠤ ᠨᠢᠰᠬᠡᠵᠤ᠂ ᠡᠭᠡᠯᠵᠢ ᠶᠢᠨ ᠨᠢᠰᠬᠡᠯ ᠤᠨ ᠳ᠋ᠤᠭᠠᠷ ᠨᠢ CZ6639/40 ᠪᠣᠯᠤᠨ᠎ᠠ᠃ | ᠤᠯᠠᠭᠠᠨᠴᠠᠪ ᠤᠨ ᠨᠢᠰᠬᠡᠯ ᠤᠨ ᠪᠠᠭᠤᠳᠠᠯ ᠠᠩᠬ᠎ᠠ ᠤᠳᠠᠭ᠎ᠠ ᠱᠠᠩᠬᠠᠶ ᠳᠤ ᠰᠢᠭᠤᠳ ᠨᠢᠰᠬᠦ ᠶᠢ ᠪᠡᠶᠡᠯᠡᠭᠦᠯᠵᠦ᠂ | ᠡᠭᠦᠨ ᠠᠴᠠ ᠡᠬᠢᠯᠡᠨ ᠡᠳᠦᠷ ᠪᠦᠷᠢ ᠨᠢᠭᠡ ᠡᠭᠡᠯᠵᠢ ᠶᠢᠨ ᠨᠢᠰᠭᠡᠯ ᠲᠠᠢ ᠪᠤᠯᠵᠤ᠂ 4 ᠬᠤᠲᠠ ︵ᠱᠠᠩᠬᠠᠶ᠂ | ᠭᠤᠸᠠᠩᠵᠧᠦ᠂ ᠬᠠᠩᠵᠧᠦ᠂ ᠵᠧᠩᠵᠧᠤ︶ ᠳᠤ ᠠᠶᠠᠯᠠᠯ ᠨᠡᠪᠲᠡᠷᠡᠨ᠂ ᠴᠠᠭ ᠡᠭᠡᠯᠵᠢ ᠨᠢ ᠲᠤᠬᠢᠷᠠᠮᠵᠢ ᠲᠠᠢ᠂ | ᠠᠶᠠᠯᠠᠯ ᠤᠨ ᠴᠡᠭ ᠱᠤᠭᠤᠮ ᠨᠢ ᠵᠦᠶ ᠵᠣᠬᠢᠰᠲᠠᠶ ᠡᠵᠡᠩᠨᠡᠯᠲᠡ ᠶᠢᠨ ᠬᠠᠷᠠᠯᠲᠠ ᠶᠢ ᠪᠡᠶᠡᠯᠡᠭᠦᠯᠪᠡ᠃ | ᠨᠠᠶᠢᠷᠠᠭᠤᠯᠤᠭᠴᠢ᠄ ᠤᠯᠠᠭᠠᠨᠴᠡᠴᠡᠭ | ᠢᠷᠡᠯᠲᠡ᠄ ᠤᠯᠠᠭᠠᠨᠴᠠᠪ ᠮᠣᠩᠭᠤᠯ ᠰᠦᠯᠵᠢᠶ᠎ᠡ |