ᠲᠦᠯ ᠤᠨ ᠦᠶ᠎ᠠ ᠭᠡᠰᠢᠭᠦᠨ ᠤ ᠦᠷᠪᠢᠰᠦᠯ ᠢ ᠡᠮᠨᠡᠨ ᠵᠠᠰᠠᠬᠤ ᠠᠷᠭ᠎ᠠ
ᠨᠡᠶᠢᠲᠡᠯᠡᠭᠰᠡᠨ ᠴᠠᠭ᠄
2021/2/26
  ᠲᠦᠯ ᠮᠠᠯ ᠤᠨ ᠦᠶ᠎ᠠ ᠭᠡᠰᠢᠭᠦᠨ ᠤ ᠦᠷᠪᠢᠰᠦᠯ ᠪᠤᠯ ᠮᠠᠯᠵᠢᠬᠤ ᠤᠷᠤᠨ ᠳᠤ ᠦᠷᠭᠦᠯᠵᠢ ᠲᠡᠯᠭᠡᠷᠡᠳᠡᠭ ᠨᠢᠭᠡ ᠵᠦᠢᠯ ᠤᠨ ᠭᠡᠮ ᠪᠤᠯᠬᠤ ᠶᠤᠮ᠃    ᠲᠤᠰ ᠭᠡᠮ ᠤᠨ ᠡᠭᠦᠰᠭᠦ ᠭᠤᠤᠯ ᠰᠢᠯᠳᠠᠭᠠᠨ ᠭᠡᠪᠡᠯ᠂ ᠠᠷᠠᠴᠢᠯᠠᠭ᠎ᠠ ᠮᠠᠯᠯᠠᠭ᠎ᠠ ᠭᠦᠷᠦᠯᠴᠡᠭᠦ ᠦᠭᠡᠢ ᠪᠤᠶᠤ ᠡᠭᠡ ᠮᠠᠯ ᠰᠦ ᠦᠭᠡᠢ ᠪᠤᠯᠪᠠᠯ ᠲᠦᠯ ᠮᠠᠯ ᠤᠨ ᠭᠦᠢᠳᠡᠨ ᠬᠠᠯᠠᠭᠤᠨ ᠭᠢᠮᠤᠷᠠᠵᠤ ᠦᠶ᠎ᠠ ᠭᠡᠰᠢᠭᠦᠨ ᠤ ᠭᠡᠮ ᠳᠤ ᠠᠮᠠᠷᠬᠠᠨ ᠨᠡᠷᠪᠡᠭᠳᠡᠳᠡᠭ ᠪᠠᠶᠢᠨ᠎ᠠ᠃ ᠡᠭᠦᠨ ᠤ ᠲᠠᠭᠠᠤ ᠲᠦᠯ ᠮᠠᠯ ᠦᠶ᠎ᠠ ᠭᠡᠰᠢᠭᠦᠨ ᠤ ᠭᠡᠮ ᠲᠠᠢ ᠪᠤᠯᠪᠠᠯ ᠭᠡᠨᠡᠳᠳᠡ ᠡᠭᠡ ᠪᠠᠨ ᠭᠦᠭᠦᠭᠦ ᠲᠤᠷ᠎ᠠ ᠦᠭᠡᠢ ᠪᠤᠯᠵᠤ᠂ ᠨᠢᠭᠡ ᠪᠤᠶᠤ ᠬᠤᠶᠠᠷ ᠭᠦᠯ ᠨᠢ ᠭᠠᠵᠠᠷ ᠭᠢᠰᠭᠢᠵᠤ ᠲᠡᠶᠢᠯᠭᠦ ᠦᠭᠡᠢ ᠡᠮᠵᠡᠭᠯᠡᠳᠡᠭ᠃ ᠵᠠᠷᠢᠮ ᠤᠨ ᠭᠢᠨᠢ ᠲᠦᠷᠪᠡᠨ ᠭᠦᠯ ᠨᠢ ᠡᠮᠵᠡᠭᠯᠡᠨ ᠭᠠᠵᠠᠷ ᠭᠡᠪᠳᠡᠭᠡᠳ ᠶᠠᠪᠤᠬᠤ ᠦᠭᠡᠢ ᠪᠠᠶᠢᠳᠠᠭ᠃ ᠡᠨᠡ ᠦᠶᠡᠰ ᠲᠦᠷᠭᠡᠨ ᠠᠷᠭ᠎ᠠ ᠭᠡᠮᠵᠢᠶ᠎ᠠ ᠠᠪᠬᠤ ᠦᠭᠡᠢ ᠪᠤᠯ ᠦᠶ᠎ᠠ ᠶᠢᠨ ᠤᠭᠤᠳᠠ ᠨᠢ ᠬᠠᠪᠤᠳᠴᠤ᠂ ᠲᠠᠷᠤᠵᠤ ᠦᠵᠡᠭᠦ ᠳᠤ ᠬᠤᠳᠤᠯᠵᠠᠬᠤ ᠪᠤᠶᠤ ᠬᠠᠨᠠᠭᠠᠷ ᠢᠶᠠᠷ ᠬᠠᠨᠠᠪᠠᠯ ᠰᠢᠷ᠎ᠠ ᠨᠤᠭᠤᠭᠠᠨ ᠦᠡᠭᠭᠡᠳᠡᠢ ᠢᠳᠡᠭᠡ ᠰᠢᠭᠦᠰᠤ ᠭᠠᠷᠬᠤ ᠪᠤᠯᠤᠨ᠎ᠠ᠃    ᠲᠤᠰ ᠭᠡᠮ ᠢ ᠡᠮᠨᠡᠨ ᠵᠠᠰᠠᠬᠤ ᠳᠠᠭᠠᠨ ᠭᠡᠮ ᠤᠨ ᠡᠭᠢᠨ ᠤ ᠬᠤᠭᠤᠴᠠᠭᠠᠨ ᠳᠤ ᠭᠡᠢ ᠲᠠᠷᠤᠬᠤ ᠡᠮ ᠪᠤᠯᠤᠨ ᠦᠷᠪᠢᠰᠦᠯ ᠲᠠᠷᠤᠬᠤ ᠡᠮ ᠢ ᠰᠤᠩᠭᠤᠨ ᠤᠤᠭᠤᠯᠭᠠᠵᠤ ᠪᠤᠯᠤᠨ᠎ᠠ᠃ ᠭᠡᠷᠪᠡ ᠦᠶ᠎ᠠ ᠭᠡᠰᠢᠭᠦᠤ ᠳᠤᠨᠢ ᠢᠳᠡᠭᠡ ᠪᠠᠶᠢᠪᠠᠯ ᠭᠡᠮᠨᠡᠭᠰᠡᠨ ᠨᠤᠤᠰᠤ ᠨᠤᠯᠤᠤᠷ ᠢ ᠨᠢ ᠬᠠᠶᠢᠴᠢᠯᠠᠵᠤ ᠠᠪᠤᠭᠠᠳ ᠲᠠᠷᠢᠭᠤᠷ ︵ᠲᠠᠷᠢᠯᠭ᠎ᠠ ᠶᠢᠨ ᠪᠠᠭᠠᠵᠢ︶ ᠢᠶᠠᠷ ᠢᠳᠡᠭᠡ ᠶᠢ ᠨᠢ ᠰᠤᠷᠤᠨ ᠠᠪᠴᠤ᠂ ᠲᠠᠪᠠᠷᠬᠠᠢ ᠶᠢᠨ ᠲᠤᠰᠤ ᠪᠤᠶᠤ ᠲᠦᠷᠭᠢᠴᠡ ᠶᠢ ᠡᠳᠤᠷ ᠲᠤ 1 ~ 2 ᠤᠳᠠᠭ᠎ᠠ ᠲᠦᠷᠭᠢᠵᠤ᠂ ᠨᠠᠶᠢᠳᠡ 2 ~3 ᠡᠳᠤᠷ ᠡᠮᠨᠡᠪᠡᠯ ᠪᠠᠷᠤᠭ ᠡᠷᠡᠭᠦᠯᠵᠢᠨ ᠰᠠᠶᠢᠵᠢᠷᠠᠴᠢᠬᠠᠨ᠎ᠠ᠃                          ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004651号-2