ᠶᠡᠷᠦᠨᠢ ᠣᠷᠲᠣ ᠬᠤᠭᠤᠴᠠᠭ᠎ᠠ ᠪᠠᠷ ᠺᠤᠮᠫᠢᠤᠲ᠋ᠧᠷ ᠤᠨ ᠡᠮᠤᠨ᠎ᠠ ᠪᠤᠶᠤ ᠰᠦᠨᠢᠵᠢᠠ ᠠᠵᠢᠯᠯᠠᠪᠠᠯ ᠨᠢᠲᠦᠨ ᠤ | ᠬᠡᠰᠡᠭ ᠤᠨ ᠪᠣᠯᠴᠢᠩ ᠰᠣᠯᠠᠷᠠᠵᠦ᠂ ᠨᠢᠲᠣ ᠬᠠᠪᠣᠳᠴᠦ ᠬᠦᠭᠡᠷᠡᠭᠰᠡᠨ ᠮᠡᠲᠦ ᠪᠣᠯᠲᠠᠬ᠃ ᠲᠡᠷᠡᠴᠢᠯᠡᠨ ᠣᠷᠲᠣ | ᠬᠤᠭᠤᠴᠠᠭ᠎ᠠ ᠪᠠᠷ ᠨᠢᠲᠦ ᠬᠠᠪᠣᠳᠴᠦ ᠬᠦᠭᠡᠷᠡᠪᠡᠯ ᠦᠯᠲᠡᠵᠦ ᠲᠡᠶᠢᠯᠦᠰᠢ ᠦᠭᠡᠢ ᠣᠨᠵᠢᠬᠢᠷ ᠠᠨᠢᠰᠬ᠎ᠠ ᠪᠣᠯᠬᠤ ᠶᠣᠮ᠃ | | 1. ᠱᠦᠯᠲᠦᠯᠢᠭ ᠰᠢᠩᠭᠡᠨ ᠢᠶᠠᠷ ᠢᠯᠢᠵᠦ ᠨᠣᠬᠤᠯᠠᠬᠤ᠄ ᠣᠷᠢᠲᠠᠪᠠᠷ ᠱᠦᠯᠲᠦᠯᠢᠭ ᠰᠢᠩᠭᠡᠨ ᠢ ᠠᠯᠠᠭᠠᠨ | ᠲᠡᠭᠡᠷ᠎ᠡ ᠪᠠᠨ ᠲᠦᠷᠬᠢᠵᠦ᠂ ᠬᠠᠪᠣᠳᠴᠦ ᠬᠦᠭᠡᠷᠡᠭᠰᠡᠨ ᠨᠢᠲᠦᠨ ᠤ ᠬᠡᠰᠡᠭ ᠲᠤ ᠪᠠᠨ ᠬᠦᠩᠭᠡᠭᠡᠨ ᠭᠡᠭᠴᠢ ᠲᠠᠷᠣᠵᠦ | ᠪᠠᠭ᠎ᠠ ᠣᠲᠠᠰᠬᠢᠨᠠ᠃ ᠡᠨᠡ ᠮᠡᠲᠦ ᠪᠠᠷ ᠦᠷᠬᠦᠯᠵᠢᠯᠡᠨ 3 ᠣᠲᠠᠭ᠎ᠠ ᠬᠢᠪᠡᠯ ᠨᠢᠲᠣ ᠬᠠᠪᠣᠳᠴᠦ ᠬᠦᠭᠡᠷᠡᠭᠰᠡᠨ ᠢ | ᠨᠠᠮᠲᠠᠭᠤᠯᠬᠤ ᠪᠣᠯᠣᠨ᠎ᠠ᠃ | 2. ᠨᠢᠲᠣᠨ ᠪᠦᠷᠬᠦᠬᠦᠯ ᠳᠤ ᠣᠰᠣ ᠨᠦᠬᠦᠪᠦᠷᠢᠯᠡᠵᠦ ᠬᠠᠪᠣᠲᠣᠬᠰᠠᠨ ᠢ ᠨᠠᠮᠲᠠᠭᠠᠬᠤ᠄ ᠰᠦᠨᠢᠵᠢᠨ | ᠠᠵᠢᠯᠯᠠᠬᠰᠠᠨ ᠠᠴᠠ ᠪᠣᠯᠵᠦ ᠨᠢᠲᠣ ᠬᠠᠪᠣᠳᠴᠦ ᠬᠦᠭᠡᠷᠡᠬᠦ ᠶᠢ ᠨᠠᠮᠲᠠᠭᠠᠬᠤ ᠬᠠᠮᠤᠬ ᠰᠠᠶᠢᠨ ᠠᠷᠭ᠎ᠠ ᠭᠡᠪᠡᠯ ᠨᠢᠲᠣᠨ ᠤ | ᠲᠣᠭᠤᠷᠢᠨ ᠳᠠᠬᠢ ᠠᠷᠠᠰᠣᠨ ᠳᠤ ᠣᠰᠣ ᠪᠣᠯᠣᠨ ᠰᠢᠮ᠎ᠠ ᠲᠡᠵᠢᠭᠡᠯ ᠨᠦᠬᠦᠪᠦᠷᠢᠯᠡᠵᠦ᠂ ᠲᠣᠰ ᠪᠡᠶ᠎ᠡ ᠶᠢᠨ ᠬᠢᠨᠢ ᠣᠷᠴᠢᠯ | ᠪᠣᠯᠣᠨ ᠬᠤᠤᠷ ᠢ ᠭᠠᠳᠠᠭᠰᠢᠯᠠᠭᠤᠯᠬᠤ ᠴᠢᠲᠠᠪᠣᠷᠢ ᠶᠢ ᠨᠡᠮᠡᠭᠲᠡᠬᠦᠯᠬᠦ ᠶᠠᠪᠣᠲᠠᠯ ᠪᠣᠯᠣᠨ᠎ᠠ᠃ ᠲᠡᠭᠡᠬᠦ ᠳᠡᠭᠡᠨ ᠨᠢᠭᠤᠷ ᠢᠶᠠᠨ | ᠣᠬᠢᠶᠠᠬᠰᠠᠨ ᠤ ᠲᠠᠷᠠᠭ᠎ᠠ ᠣᠰᠣ ᠨᠦᠬᠦᠪᠦᠷᠢᠯᠡᠬᠦ ᠨᠢᠲᠣᠨ ᠪᠦᠷᠬᠦᠬᠦᠯ ᠬᠡᠷᠡᠭᠯᠡᠪᠡᠯ ᠠᠷᠠᠰᠣ ᠶᠢ ᠨᠡᠩ ᠨᠢᠬᠲᠠ ᠴᠢᠩᠭ᠎ᠠ | ᠪᠣᠯᠭᠠᠲᠠᠬ᠃ | 3. ᠬᠦᠯᠲᠡᠭᠡᠵᠦ ᠨᠣᠨᠲᠠᠬᠯᠠᠬᠰᠠᠨ ᠦᠷᠭᠡᠰᠦᠲᠦ ᠬᠡᠮᠭᠡ᠄ ᠵᠢᠵᠢᠭ ᠦᠷᠭᠡᠰᠦᠲᠦ ᠬᠡᠮᠭᠡ ᠪᠣᠯ ᠬᠠᠯᠠᠭᠤᠨ ᠢ | ᠪᠠᠭᠤᠷᠠᠭᠤᠯᠣᠨ ᠬᠠᠪᠣᠳᠬᠤ ᠶᠢ ᠨᠠᠮᠲᠠᠭᠠᠬᠤ ᠦᠢᠯᠡᠲᠦᠯ ᠲᠠᠢ ᠪᠢᠯᠡ᠃ ᠡᠶᠢᠮᠦ ᠠᠴᠠ ᠰᠦᠨᠢᠵᠢᠨ ᠠᠵᠢᠯᠯᠠᠬᠤ | ᠵᠣᠷᠰᠢᠯ ᠲᠠᠢ ᠬᠦᠮᠦᠰ ᠦᠪᠡᠰᠦᠪᠡᠨ ᠦᠷᠭᠡᠰᠦᠲᠦ ᠬᠡᠮᠭᠡ ᠪᠡᠯᠡᠳᠭᠡᠵᠦ᠂ ᠦᠷᠭᠡᠰᠦᠲᠦ ᠬᠡᠮᠭᠡ ᠪᠠᠨ ᠨᠣᠨᠲᠠᠬᠯᠠᠵᠦ | ᠬᠦᠯᠲᠡᠭᠡᠭᠰᠡᠨ ᠤ ᠬᠤᠶᠢᠨ᠎ᠠ ᠬᠠᠪᠣᠳᠴᠦ ᠬᠦᠭᠡᠷᠡᠭᠰᠡᠨ ᠨᠢᠲᠣᠨ ᠤ ᠪᠠᠨ ᠬᠡᠰᠡᠭ ᠲᠤ 10 — 15 ᠮᠢᠨᠦᠲ | ᠲᠦᠷᠬᠢᠪᠡᠯ ᠬᠠᠪᠣᠳᠴᠦ ᠬᠦᠭᠡᠷᠡᠭᠰᠡᠨ ᠢ ᠨᠠᠮᠲᠠᠭᠠᠬᠤ ᠦᠢᠯᠡᠲᠦᠯ ᠲᠠᠢ ᠪᠢᠯᠡ᠃ | 4. ᠬᠠᠯᠠᠭᠤᠨ ᠬᠦᠢᠲᠡᠨ ᠡᠭᠡᠯᠵᠢᠯᠡᠨ ᠬᠠᠪᠣᠳᠬᠤ ᠶᠢ ᠨᠠᠮᠲᠠᠭᠠᠬᠤ ᠠᠷᠭ᠎ᠠ᠄ ᠬᠠᠯᠠᠭᠤᠨ ᠬᠦᠢᠲᠡᠨ ᠡᠭᠡᠯᠵᠢᠯᠡᠬᠦ | ᠠᠷᠭ᠎ᠠ ᠪᠠᠷ ᠬᠠᠪᠣᠳᠴᠦ ᠬᠦᠭᠡᠷᠡᠭᠰᠡᠨ ᠨᠢᠲᠦᠨ ᠤ ᠬᠡᠰᠡᠭ ᠤᠨ ᠴᠢᠰᠣᠨ ᠰᠣᠲᠠᠯ ᠢ ᠣᠷᠢᠲᠠᠪᠠᠷ ᠲᠡᠨᠢᠢᠯᠭᠡᠵᠤ ᠲᠠᠬᠢᠨ | ᠠᠪᠴᠢᠭᠠᠵᠦ᠂ ᠡᠬᠦᠨ ᠤ ᠣᠯᠠᠮ ᠢᠶᠠᠷ ᠴᠢᠰᠣᠨ ᠤ ᠡᠷᠬᠢᠯᠲᠡ ᠶᠢ ᠠᠬᠢᠭᠤᠯᠵᠦ᠂ ᠬᠠᠪᠣᠲᠣᠬᠰᠠᠨ ᠢ ᠨᠠᠮᠲᠠᠭᠠᠵᠣ | ᠪᠣᠯᠣᠨ᠎ᠠ᠃ ᠬᠠᠯᠠᠭᠤᠨ ᠠᠯᠴᠢᠭᠤᠷ ᠢᠶᠠᠷ ᠨᠢᠲᠣᠨ ᠤ ᠬᠡᠰᠡᠭ ᠢᠶᠠᠨ ᠲᠠᠷᠣᠬᠰᠠᠨ ᠤ ᠬᠤᠶᠢᠨ᠎ᠠ ᠲᠠᠬᠢᠨ ᠬᠦᠢᠲᠡᠨ | ᠠᠯᠴᠢᠭᠤᠷ ᠢᠶᠠᠷ ᠨᠢᠲᠣᠨ ᠤ ᠬᠡᠰᠡᠭ ᠢᠶᠠᠨ ᠲᠠᠷᠣᠵᠦ᠂ ᠡᠨᠡ ᠮᠡᠲᠦ ᠪᠠᠷ ᠭᠤᠷᠪᠠ ᠣᠲᠠᠭ᠎ᠠ ᠡᠭᠡᠯᠵᠢᠯᠡᠨ᠎ᠡ᠃ | ᠭᠡᠬᠦ ᠳᠡᠭᠡᠨ ᠬᠠᠯᠠᠭᠤᠨ ᠠᠯᠴᠢᠭᠤᠷ ᠢᠶᠠᠷ ᠲᠠᠷᠣᠬᠤ ᠪᠠ ᠬᠦᠢᠲᠡᠨ ᠠᠯᠴᠢᠭᠤᠷ ᠢᠶᠠᠷ ᠲᠠᠷᠣᠬᠤ ᠴᠠᠬ ᠤᠨ ᠬᠠᠷᠢᠴᠠᠯ ᠢ 1 | ᠄ 2 ᠢᠶᠠᠷ ᠲᠣᠬᠢᠷᠠᠭᠤᠯᠵᠦ᠂ ᠬᠠᠮᠤᠬ ᠨᠠᠭᠠᠲᠣ ᠵᠠᠬ᠎ᠠ ᠳᠠᠭᠠᠨ 5 ᠮᠢᠨᠦ᠋ᠲ ᠡᠭᠡᠯᠵᠢᠯᠡᠨ ᠲᠠᠷᠣᠪᠠᠯ ᠦᠷ᠎ᠡ ᠪᠦᠲᠦᠮᠵᠢ ᠨᠢ | ᠨᠡᠩ ᠰᠠᠶᠢᠨ ᠪᠠᠶᠢᠲᠠᠬ᠃ | 5. ᠲᠠᠪᠣᠰᠣ ᠲᠠᠢ ᠣᠰᠣ ᠪᠠᠷ ᠬᠠᠪᠣᠲᠣᠬᠰᠠᠨ ᠢ ᠨᠠᠮᠲᠠᠭᠠᠬᠤ ᠠᠷᠭ᠎ᠠ᠄ 500 ᠮᠢᠯᠢᠯᠢᠳ᠋ᠷ ᠤᠨ ᠪᠦᠯᠢᠶᠠᠨ | ᠣᠰᠣᠨ ᠳᠤ ᠵᠢᠭᠠᠬᠠᠨ ᠰᠢᠨᠠᠭ᠎ᠠ ᠬᠢᠷᠢᠲᠡᠢ ᠲᠠᠪᠣᠰᠣ ᠬᠢᠵᠦ ᠪᠦᠷᠢᠮᠦᠰᠦᠨ ᠠᠭᠤᠰᠣᠬᠰᠠᠨ ᠤ ᠲᠠᠷᠠᠭ᠎ᠠ ᠱᠠ ᠪᠦᠰ ᠢᠶᠠᠨ | ᠣᠰᠣᠨ ᠳᠤ ᠲᠡᠪᠲᠦᠭᠡᠨᠠ᠃ ᠬᠠᠮᠤᠬ ᠰᠡᠬᠦᠯ ᠳᠤᠨᠢ ᠱᠠ ᠪᠦᠰ ᠢᠶᠠᠨ ᠲᠦᠷᠪᠡᠯᠵᠢᠨ ᠬᠡᠯᠪᠡᠷᠢᠲᠡᠢ ᠪᠣᠯᠭᠠᠨ ᠨᠣᠭᠤᠯᠵᠦ | ᠬᠠᠪᠣᠳᠴᠦ ᠬᠦᠭᠡᠷᠡᠭᠰᠡᠨ ᠨᠢᠲᠣᠨ ᠲᠡᠭᠡᠷ᠎ᠡ ᠪᠠᠨ ᠲᠠᠯᠪᠢᠪᠠᠯ ᠪᠣᠯᠴᠢᠬᠠᠨ᠎ᠠ᠃ | 6. ᠬᠠᠷ᠎ᠠ ᠺᠣᠹᠧ ᠣᠣᠭᠤᠬᠤ᠄ ᠬᠠᠷ᠎ᠠ ᠺᠣᠹᠧ ᠳᠤ ᠠᠭᠤᠯᠣᠬᠲᠠᠬᠤ ᠺᠣᠹᠶ᠋ᠢᠨ ᠨᠢ ᠣᠰᠣ ᠶᠢ ᠭᠠᠲᠠᠬᠰᠢᠯᠠᠭᠤᠯᠬᠤ | ᠦᠢᠯᠡᠲᠦᠯ ᠲᠠᠢ ᠪᠠᠶᠢᠵᠦ᠂ ᠬᠠᠪᠣᠳᠴᠦ ᠬᠦᠭᠡᠷᠡᠭᠰᠡᠨ ᠨᠢᠲᠣ ᠶᠢ ᠨᠠᠮᠲᠠᠭᠠᠬᠤ ᠳᠤ ᠣᠨᠴᠠ ᠦᠢᠯᠡᠲᠦᠯ ᠲᠠᠢ ᠪᠢᠯᠡ᠃ | ᠦᠷᠯᠦᠭᠡ ᠶᠢᠨ ᠬᠤᠭᠤᠯᠠᠨ ᠤ ᠲᠠᠷᠠᠭ᠎ᠠ ᠨᠢᠭᠡ ᠴᠣᠮᠣ ᠬᠠᠷ᠎ᠠ ᠺᠣᠹᠧ ᠣᠣᠭᠤᠪᠠᠯ ᠪᠠᠷᠤᠬ 30 ᠮᠢᠨᠦᠲ ᠤᠨ ᠲᠠᠷᠠᠭ᠎ᠠ | ᠨᠢᠲᠦᠨ ᠤ ᠬᠠᠪᠣᠳᠴᠦ ᠬᠦᠭᠡᠷᠡᠭᠰᠡᠨ ᠪᠠᠶᠢᠲᠠᠯ ᠨᠠᠮᠲᠠᠲᠠᠬ ᠶᠣᠮ᠃ ᠲᠡᠭᠡᠬᠦ ᠳᠡᠭᠡᠨ ᠬᠡᠲᠦ ᠢᠯᠡᠬᠦᠦ ᠣᠣᠭᠤᠬᠤ ᠠᠴᠠ | ᠰᠡᠷᠭᠡᠶᠢᠯᠡᠵᠦ᠂ ᠣᠨᠴᠠᠭᠠᠢᠢᠯᠠᠨ ᠪᠦᠰᠡᠬᠦ᠋ᠢᠴᠣᠳ ᠬᠠᠷ᠎ᠠ ᠺᠣᠹᠧ ᠬᠡᠲᠦᠷᠡᠲᠡᠯ᠎ᠡ ᠣᠣᠭᠤᠪᠠᠯ ᠡᠷᠡᠬᠦᠯ ᠮᠠᠨᠲᠣ ᠶᠢ | ᠨᠦᠯᠦᠭᠡᠯᠡᠬᠦ ᠪᠣᠯᠣᠨ᠎ᠠ᠃ | ᠪᠡᠯᠡᠳᠬᠡᠭᠰᠡᠨ ᠨᠢ᠄ ᠭᠡᠷᠡᠯ | ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠤᠨ |