ᠲᠤᠯᠤᠭᠠᠢ ᠡᠪᠡᠳᠬᠦ ᠶᠢ ᠨᠠᠮᠳᠠᠭᠠᠬᠤ ᠲᠦᠷᠪᠡᠨ ᠰᠠᠶᠢᠨ ᠠᠷᠭ᠎ᠠ
ᠨᠡᠶᠢᠲᠡᠯᠡᠭᠰᠡᠨ ᠴᠠᠭ᠄
2021/3/25
   ᠤᠯᠠᠩᠬᠢ ᠬᠦᠮᠤᠰ ᠪᠦᠷ ᠲᠤᠯᠤᠭᠠᠢ ᠡᠪᠡᠳᠬᠦ ᠡᠪᠡᠳᠴᠢᠨ ᠲᠠᠢ ᠪᠠᠶᠢᠳᠠᠬ᠂ ᠶᠡᠷᠤ ᠶᠢᠨ ᠪᠠᠶᠢᠳᠠᠯ ᠲᠤᠤᠷ᠎ᠡ ᠡᠮ ᠢᠳᠡᠭᠡᠳ ᠨᠠᠮᠳᠠᠭᠤᠯᠬᠤ ᠠᠷᠭ᠎ᠠ ᠶᠢ ᠠᠪᠳᠠᠬ ᠪᠤᠯᠪᠠᠴᠤ ᠡᠮ ᠨᠢ ᠪᠦᠷ ᠭᠠᠵᠢᠭᠤ ᠦᠢᠯᠡᠳᠤᠯ ᠭᠠᠷᠭᠠᠳᠠᠬ᠃ ᠦᠢᠷ᠎ᠡ ᠶᠢᠨ ᠡᠳᠤᠷ ︽ᠠᠮᠧᠷᠢᠺᠡ ᠶᠢᠨ ᠠᠵᠢᠯ ᠤᠨ ᠠᠮᠠᠷᠠᠯᠳᠡ ᠪᠠᠨ ᠠᠪᠤᠬᠰᠠᠳ ᠤᠨ ᠨᠡᠶᠢᠭᠡᠮᠯᠢᠭ︾ ᠰᠡᠳᠬᠦᠯ ᠠᠮᠢᠳᠤᠷᠠᠯ ᠤᠨ ᠲᠤᠮᠳᠠᠬᠢ ᠨᠢᠭᠡ ᠪᠦᠯᠦᠭ ᠡᠮ ᠢᠳᠡᠬᠦ ᠦᠭᠡᠢ ᠪᠠᠷ ᠵᠠᠰᠠᠬᠤ ᠠᠷᠭ᠎ᠠ ᠶᠢ ᠳ᠋ᠦᠡᠭᠨᠡᠨ ᠭᠠᠷᠭᠠᠪᠡ᠂ ᠡᠨᠡ ᠬᠦ ᠠᠷᠭ᠎ᠠ ᠶᠢ ᠦᠷᠬᠦᠯᠵᠢ ᠲᠤᠯᠤᠭᠠᠢ ᠡᠪᠡᠳᠬᠦ ᠬᠦᠮᠤᠰ ᠲᠤᠷᠰᠢᠵᠤ ᠦᠵᠡᠵᠤ ᠪᠤᠯᠤᠨ᠎ᠡ᠃    ᠲᠠᠪᠤᠰᠤ ᠪᠠᠭ᠎ᠠ ᠢᠳᠡᠬᠦ᠃ ᠠᠮᠧᠷᠢᠺᠡ ᠶᠢᠨ ᠶᠤᠬᠠᠨ᠂ ᠡᡁᠦ᠋ᠸᠧᠵᠢᠡᠰᠤ ᠶᠡᠭᠡ ᠰᠤᠷᠭᠠᠭᠤᠯᠢ ᠶᠢᠨ ᠨᠢᠭᠡ ᠲᠦᠷᠦᠯ ᠤᠨ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠢᠳᠡᠭᠡᠨ ᠳᠤ ᠲᠠᠪᠤᠰᠤ ᠪᠠᠭ᠎ᠠ ᠢᠳᠡᠬᠦ ᠨᠢ ᠲᠤᠯᠤᠭᠠᠢ ᠡᠪᠡᠳᠬᠦ ᠡᠪᠡᠳᠴᠢᠨ ᠢ ᠬᠦᠳᠡᠯᠭᠡᠬᠦ ᠲᠤᠭ᠎ᠠ ᠶᠢ ᠪᠠᠭᠤᠷᠠᠭᠤᠯᠤᠨ᠎ᠡ᠃ ᠰᠤᠳᠤᠯᠭᠠᠳᠠᠳ ᠤᠨ 400 ᠨᠡᠷᠠᠰ ᠨᠠᠰᠤᠨ ᠳᠤ ᠬᠦᠷᠦᠭᠰᠡᠳ ᠲᠤ ᠪᠠᠶᠢᠴᠠᠭᠠᠯᠳᠡ ᠬᠢᠵᠤ ᠢᠯᠡᠷᠡᠬᠦᠯᠦᠭᠰᠡᠨ ᠢᠶᠠᠷ᠂ ᠲᠡᠪᠤᠰᠤ ᠴᠢᠩᠭ᠎ᠠ ᠢᠳᠡᠬᠦ ᠲᠤᠷᠠᠳᠠᠢ ᠬᠦᠮᠤᠨ ᠪᠤᠯᠤᠨ ᠲᠠᠪᠤᠰᠤ ᠪᠠᠭ᠎ᠠ ᠢᠳᠡᠳᠡᠭ ᠬᠦᠮᠤᠨ ᠲᠠᠢ ᠬᠠᠷᠢᠴᠠᠭᠤᠯᠪᠠᠯ᠂ ᠡᠮᠤᠨᠡᠬᠢ ᠨᠢ ᠲᠤᠯᠤᠭᠠᠢ ᠡᠪᠡᠳᠬᠦ ᠡᠪᠡᠳᠴᠢᠨ ᠡᠬᠦᠰᠬᠦ ᠨᠤᠷᠮ᠎ᠡ ᠨᠢ 39% ᠢᠶᠠᠷ ᠦᠡᠳᠤᠷ ᠪᠠᠶᠢᠳᠠᠬ᠃    ᠲᠦᠪ ᠤᠡᠭᠰᠢᠯ ᠬᠢᠵᠤ ᠲᠠᠷᠤᠯᠳᠡ ᠶᠢ ᠪᠠᠭᠤᠷᠠᠭᠤᠯᠬᠤ᠃ ᠰᠤᠳᠤᠯᠭᠠᠳᠠᠳ ᠤᠨ ᠢᠯᠡᠷᠡᠬᠦᠯᠦᠭᠰᠡᠨ ᠢᠶᠠᠷ᠂ ᠲᠠᠷᠤᠯᠳᠡ ᠪᠤᠯ ᠲᠤᠯᠤᠭᠠᠢ ᠡᠪᠡᠳᠦᠬᠦᠯᠬᠦ ᠰᠢᠯᠳᠠᠭᠠᠨ ᠤ ᠨᠢᠭᠡ ᠨᠢ ᠪᠤᠯᠤᠨ᠎ᠡ᠃ ᠠᠮᠧᠷᠢᠺᠡ ᠶᠢᠨ ᠺᠤᠨᠧᠲ᠋ᠢᠺᠧᠲ ᠶᠡᠭᠡ ᠰᠤᠷᠭᠠᠭᠤᠯᠢ ᠶᠢᠨ ᠰᠡᠳᠬᠢᠴᠨ ᠶᠢᠨ ᠤᠬᠠᠭᠠᠨ ᠤ ᠫᠷᠤᠹᠧᠰᠰᠤᠷ ᠺᠧᠯᠢᠰᠲᠤᠷ · ᠫᠡᠺᠧ ᠶᠢᠨ ᠦᠵᠡᠬᠦ ᠪᠠᠷ ᠲᠤᠯᠤᠭᠠᠢ ᠡᠪᠡᠳᠬᠦ ᠪᠠᠨ ᠨᠠᠮᠳᠠᠭᠤᠯᠤᠶ᠎ᠡ ᠭᠡᠪᠡᠯ᠂ ᠶᠡᠷᠤ ᠶᠢᠨ ᠴᠠᠬ ᠲᠤ ᠪᠠᠨ ᠶᠤᠭ᠎ᠠ ᠶᠢᠨ ᠲᠠᠮᠢᠷ ᠬᠢᠬᠦ ᠵᠢᠴᠢ ᠨᠠᠮ ᠰᠠᠭᠤᠵᠤ ᠬᠦᠨ ᠪᠤᠳᠤᠯᠭᠠᠰᠢᠷᠠᠨ᠎ᠡ᠃ ᠡᠨᠡ ᠬᠤᠶᠠᠷ ᠢ ᠤᠶᠠᠯᠳᠤᠭᠤᠯᠪᠠᠯ ᠲᠠᠷᠤᠢ ︽ᠲᠦᠪ ᠤᠡᠭᠰᠢᠯ ᠬᠢᠵᠤ ᠲᠠᠷᠤᠯᠳᠡ ᠶᠢ ᠪᠠᠭᠤᠷᠠᠭᠤᠯᠬᠤ︾ ᠭᠡᠵᠤ ᠨᠡᠷᠡᠯᠡᠨ᠂ ᠲᠠᠷᠤᠯᠳᠡ ᠶᠢ ᠪᠠᠭᠤᠷᠠᠭᠤᠯᠵᠤ᠂ ᠪᠤᠬᠢᠨᠢᠳᠤᠯ ᠵᠢᠴᠢ ᠪᠠᠴᠢᠮᠳᠠᠯ ᠢ ᠪᠠᠭᠠᠰᠬᠠᠨ᠂ ᠡᠬᠦᠨ ᠠᠴᠠ ᠪᠤᠯᠵᠤ ᠲᠤᠯᠤᠭᠠᠢ ᠡᠪᠡᠳᠬᠦ ᠶᠢ ᠨᠠᠮᠳᠠᠭᠤᠯᠵᠤ ᠲᠡᠶᠢᠯᠳᠡᠭ᠃ 2014 ᠤᠨ ᠳᠤ ︽ᠲᠤᠯᠤᠭᠠᠢ ᠡᠪᠡᠳᠬᠦ︾ ᠰᠡᠳᠬᠦᠯ ᠤᠨ ᠨᠡᠶᠢᠳᠡᠯᠡᠭᠰᠡᠨ ᠨᠢᠭᠡ ᠲᠦᠷᠦᠯ ᠤᠨ ᠰᠤᠳᠤᠯᠭᠠᠨ ᠳᠤ ᠢᠯᠡᠷᠡᠬᠦᠯᠦᠭᠰᠡᠨ ᠢᠶᠠᠷ᠂ 8 ᠭᠠᠷᠠᠬ ᠲᠠᠷᠠᠭᠠᠯᠠᠨ ᠲᠦᠪ ᠤᠡᠭᠰᠢᠯ ᠬᠢᠵᠤ ᠲᠠᠷᠤᠯᠳᠡ ᠶᠢ ᠪᠠᠭᠤᠷᠠᠭᠤᠯᠤᠬᠰᠠᠨ ᠬᠦᠮᠤᠰ ᠪᠤᠶᠤ ᠪᠠᠷᠢᠮᠵᠢᠶ᠎ᠡ ᠵᠠᠰᠠᠯᠭ᠎ᠠ ᠬᠢᠯᠭᠡᠭᠰᠡᠨ ᠬᠦᠮᠤᠰ ᠲᠠᠢ ᠠᠳᠠᠯᠢᠳᠬᠠᠵᠤ ᠦᠵᠡᠭᠰᠡᠨ ᠴᠢᠨᠢ ᠡᠮᠤᠨᠡᠬᠢ ᠨᠢ ᠲᠤᠯᠤᠭᠠᠢ ᠡᠪᠡᠳᠦᠭᠰᠡᠨ ᠤᠳᠠᠭ᠎ᠠ ᠨᠢ ᠨᠡᠩ ᠴᠦᠭᠡᠨ ᠪᠤᠯᠵᠤ᠂ ᠡᠪᠡᠳᠬᠦ ᠭᠡᠮᠵᠢᠶ᠎ᠡ ᠨᠢ ᠪᠠᠰᠨ ᠬᠦᠡᠭᠭᠡᠨ ᠪᠠᠶᠢᠪᠡ᠃ ᠲᠦᠪ ᠤᠡᠭᠰᠢᠯ ᠬᠢᠵᠤ ᠲᠠᠷᠤᠯᠳᠡ ᠶᠢ ᠪᠠᠭᠤᠷᠠᠭᠤᠯᠬᠤ ᠠᠷᠭ᠎ᠠ ᠠᠪᠬᠤ ᠶᠢᠨ ᠰᠠᠶᠢᠨ ᠲᠠᠢ ᠲᠠᠯ᠎ᠡ ᠨᠢ ᠲᠤᠯᠤᠭᠠᠢ ᠡᠪᠡᠳᠤᠯ᠎ᠡ ᠴᠤ ᠭᠡᠰᠡᠨ ᠦᠷᠬᠦᠯᠵᠢᠯᠡᠬᠦ ᠴᠠᠬ ᠨᠢ ᠤᠷᠳᠤ ᠪᠢᠰᠢ ᠪᠠᠶᠢᠵᠤ᠂ ᠠᠮᠢᠳᠤᠷᠠᠯ ᠲᠤᠮᠳᠡ ᠨᠦᠯᠦᠭᠡ ᠦᠵᠡᠬᠦᠯᠬᠦ ᠭᠡᠮᠵᠢᠶ᠎ᠡ ᠨᠢ ᠪᠠᠰᠨ ᠨᠡᠩ ᠬᠦᠡᠭᠭᠡᠨ ᠪᠠᠶᠢᠳᠠᠬ᠃    ᠪᠤᠯᠴᠢᠩ ᠮᠢᠬ᠎ᠠ ᠪᠠᠨ ᠪᠤᠯᠪᠠᠰᠤᠷᠠᠬᠤ᠃ ᠪᠤᠯᠴᠢᠩ ᠮᠢᠬ᠎ᠠ ᠪᠠᠨ ᠪᠤᠯᠪᠠᠰᠤᠷᠠᠬᠤ ᠨᠢ ᠪᠠᠴᠢᠮᠳᠠᠯ ᠪᠤᠬᠢᠨᠢᠳᠤᠯ ᠤᠨ ᠴᠢᠨᠠᠷᠳᠠᠢ ᠲᠤᠯᠤᠭᠠᠢ ᠡᠪᠡᠳᠬᠦ ᠶᠢ ᠰᠡᠷᠭᠡᠶᠢᠯᠡᠬᠦ ᠪᠤᠶᠤ ᠪᠠᠭᠠᠰᠬᠠᠵᠤ ᠴᠢᠳᠠᠨ᠎ᠡ᠃ ᠳ᠋ᠧᠨᠮᠠᠷᠺ ᠤᠨ ᠨᠢᠭᠡᠨ ᠰᠤᠳᠤᠯᠭᠠᠨ ᠳᠤ ᠨᠢᠭᠡ ᠲᠤᠭᠤᠢᠢᠯᠠᠩ ᠤᠳᠠᠭᠠᠨ ᠴᠢᠨᠠᠷᠳᠠᠢ ᠪᠠᠴᠢᠮᠳᠠᠵᠤ ᠰᠠᠠᠳᠤᠷᠬᠤ ᠴᠢᠨᠠᠷᠳᠠᠢ ᠲᠤᠯᠤᠭᠠᠢ ᠡᠪᠡᠳᠬᠦ ᠬᠦᠮᠤᠰ ᠪᠤᠯᠤᠨ ᠪᠠᠰᠨ ᠨᠢᠭᠡ ᠲᠤᠭᠤᠢᠢᠯᠠᠩ ᠲᠤᠯᠤᠭᠠᠢ ᠡᠪᠡᠳᠬᠦ ᠦᠭᠡᠢ ᠬᠦᠮᠤᠰ ᠢ ᠬᠠᠷᠢᠴᠠᠭᠤᠯᠵᠤ ᠦᠵᠡᠭᠰᠡᠨ ᠴᠢᠨᠢ ᠲᠤᠯᠤᠭᠠᠢ ᠨᠢ ᠡᠪᠡᠳᠬᠦ ᠦᠭᠡᠢ ᠬᠦᠮᠤᠰ ᠤᠨ ᠬᠦᠵᠦᠬᠦᠤ ᠰᠠᠭᠡᠷ ᠮᠦᠷᠤ ᠶᠢᠨ ᠭᠡᠰᠡᠭ ᠤᠨ ᠪᠤᠯᠴᠢᠩ ᠤᠨ ᠭᠡᠰᠡᠭ ᠤᠨ ᠠᠪᠴᠠᠯᠳᠡ ᠨᠢ ᠰᠠᠶᠢᠨ ᠪᠠᠶᠢᠳᠠᠬ ᠢ ᠤᠯᠵᠤ ᠮᠡᠳᠡᠵᠡᠢ᠃ ᠰᠤᠳᠤᠯᠭᠠᠨ ᠤ ᠦᠷ᠎ᠡ ᠳ᠋ᠦᠡᠭ ᠳᠤ ᠲᠤᠯᠤᠭᠠᠢ ᠨᠢ ᠡᠪᠡᠳᠬᠦ ᠲᠤᠭᠤᠢᠢᠯᠠᠩ ᠤᠨ ᠪᠤᠯᠴᠢᠩ ᠮᠢᠬᠠᠨ ᠤ ᠭᠡᠰᠡᠭ ᠤᠨ ᠠᠪᠴᠠᠯᠳᠡ ᠨᠢ 26% ᠢᠶᠠᠷ ᠲᠤᠷᠤᠢ ᠪᠠᠶᠢᠬᠤ ᠶᠢ ᠤᠯᠵᠤ ᠮᠡᠳᠡᠵᠡᠢ᠃ ᠡᠬᠦᠨ ᠤ ᠬᠠᠮᠳᠤ ᠲᠤᠯᠤᠭᠠᠢ ᠨᠢ ᠡᠪᠡᠳᠬᠦ ᠲᠤᠭᠤᠢᠢᠯᠠᠩ ᠤᠨ ᠬᠦᠵᠦᠬᠦᠤ ᠰᠠᠭᠡᠷ ᠮᠦᠷᠤ ᠶᠢᠨ ᠭᠡᠰᠡᠭ ᠤᠨ ᠪᠤᠯᠴᠢᠩ ᠮᠢᠬ᠎ᠠ ᠶᠢᠨ ᠭᠡᠰᠡᠭ ᠤᠨ ᠬᠦᠳᠡᠷ ᠴᠢᠬᠢᠷᠠᠬ ᠤᠨ ᠭᠡᠮᠵᠢᠶ᠎ᠡ ᠶᠢᠨ ᠲᠠᠷᠬᠠᠭᠠᠯᠳᠡ ᠨᠢ ᠪᠠᠰᠨ ᠲᠡᠩᠴᠡᠬᠦᠷᠢ ᠦᠭᠡᠢ᠂ ᠡᠶᠢᠮᠤ ᠠᠴᠠ ᠬᠦᠵᠦᠬᠦᠤ ᠶᠢᠨ ᠭᠡᠰᠡᠭ ᠨᠢ ᠨᠡᠩ ᠬᠦᠰᠢᠬᠦᠨ ᠪᠠᠶᠢᠳᠠᠯ ᠲᠠᠢ ᠪᠤᠯᠵᠤ᠂ ᠴᠢᠰᠤᠨ ᠤ ᠡᠷᠬᠢᠯᠳᠡ ᠶᠢ ᠨᠦᠯᠦᠭᠡᠯᠡᠨ᠂ ᠡᠬᠦᠨ ᠠᠴᠠ ᠪᠤᠯᠵᠤ ᠲᠤᠯᠤᠭᠠᠢ ᠡᠪᠡᠳᠴᠤ ᠪᠠᠶᠢᠬᠤ ᠶᠢ ᠤᠯᠵᠤ ᠮᠡᠳᠡᠪᠡ᠃ ᠤᠴᠢᠷ ᠨᠢ ᠡᠪᠡᠳᠴᠢᠳᠠᠨ ᠤᠷᠳᠤ ᠬᠤᠭᠤᠴᠠᠭ᠎ᠠ ᠪᠠᠷ ᠲᠤᠯᠤᠭᠠᠢ ᠪᠠᠨ ᠪᠦᠬᠦ᠋ᠢᠵᠤ ᠺᠤᠮᠫᠢᠦ᠋ᠲ᠋ᠧᠷ ᠲᠡᠭᠡᠷ᠎ᠡ ᠠᠵᠢᠯᠯᠠᠬᠤ ᠪᠤᠶᠤ ᠭᠠᠷ ᠤᠳᠠᠰᠤ ᠭᠡᠷᠡᠭᠯᠡᠭᠰᠡᠨ ᠲᠠᠢ ᠬᠤᠯᠪᠤᠭ᠎ᠠ ᠲᠠᠢ ᠮᠠᠭᠠᠳ᠃ ᠰᠤᠳᠤᠯᠭᠠᠳᠠᠳ ᠤᠨ ᠭᠡᠯᠡᠬᠦ ᠪᠠᠷ᠂ ᠬᠠᠵᠠᠭᠤ ᠲᠠᠯ᠎ᠡ ᠶᠢᠨ ᠪᠤᠯᠴᠢᠩ ᠮᠢᠬ᠎ᠠ ᠶᠢᠨ ᠠᠪᠴᠠᠯᠳᠡ ᠨᠢ ᠲᠤᠯᠤᠭᠠᠢ ᠡᠪᠡᠳᠬᠦ ᠶᠢ ᠨᠠᠮᠳᠠᠭᠠᠬᠤ ᠶᠢᠨ ᠬᠠᠮᠳᠤ ᠰᠠᠭᠤᠬᠤ ᠦᠶ᠎ᠡ ᠳᠤ ᠪᠠᠨ ᠪᠡᠶ᠎ᠡ ᠪᠠᠨ ᠠᠰ ᠰᠠᠭᠤᠬᠤ ᠶᠢ ᠠᠩᠬᠠᠷᠴᠤ᠂ ᠤᠷᠳᠤ ᠬᠤᠭᠤᠴᠠᠭ᠎ᠠ ᠪᠠᠷ ᠲᠤᠯᠤᠭᠠᠢ ᠪᠠᠨ ᠪᠦᠬᠦ᠋ᠢᠵᠤ ᠪᠤᠯᠬᠤ ᠦᠭᠡᠢ᠃    ᠨᠤᠭᠤᠭᠠᠨ ᠦᠡᠭᠭᠡ ᠲᠠᠢ ᠨᠤᠭᠤᠭ᠎ᠠ ᠢᠯᠡᠬᠦᠤ ᠢᠳᠡᠬᠦ᠃ ᠢᠳᠡᠭᠡᠨ ᠢᠶᠠᠷ ᠨᠠᠪᠴᠢᠨ ᠬᠦᠴᠢᠯ ᠢ ᠨᠦᠬᠦᠪᠤᠷᠢᠯᠡᠵᠤ ᠪᠤᠯᠤᠨ᠎ᠡ᠃ ᠵᠢᠱᠢᠶᠡᠯᠠᠪᠠᠯ ᠦᠷᠭᠡᠰᠦᠳᠤ ᠨᠤᠭᠤᠭ᠎ᠠ ᠢᠯᠡᠬᠦᠤ ᠢᠳᠡᠪᠡᠯ᠂ ᠲᠤᠯᠤᠭᠠᠢ ᠡᠪᠡᠳᠬᠦ ᠡᠪᠡᠳᠴᠢᠨ ᠬᠦᠳᠡᠯᠬᠦ ᠤᠳᠠᠭ᠎ᠠ ᠶᠢ ᠪᠦᠳᠦᠮᠵᠢᠳᠡᠢ ᠪᠠᠭᠠᠰᠬᠠᠵᠤ ᠲᠡᠶᠢᠯᠦᠨ᠎ᠡ᠃ ᠠᠦ᠋ᠰᠳ᠋ᠷᠢᠶ᠎ᠠ ᠶᠢᠨ ᠺᠦᠢᠡᠰᠯᠡᠡᠳ᠋ ᠶᠡᠭᠡ ᠰᠤᠷᠭᠠᠭᠤᠯᠢ ᠶᠢᠨ ᠰᠤᠳᠤᠯᠭᠠᠳᠠᠳ ᠤᠨ ᠨᠢᠭᠡ ᠲᠦᠷᠦᠯ ᠤᠨ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠨᠠᠪᠴᠢᠨ ᠬᠦᠴᠢᠯ ᠡᠯᠪᠡᠭ ᠠᠬᠤᠭᠤᠯᠤᠬᠳᠠᠵᠤ ᠪᠠᠶᠢᠬᠤ ᠢᠳᠡᠭᠡᠨ ᠢᠯᠡᠬᠦᠤ ᠢᠳᠡᠵᠤ ᠪᠠᠶᠢᠬᠤ ᠡᠮᠡᠭᠳᠡᠶᠢᠴᠤᠳ ᠤᠨ ᠲᠠᠯ᠎ᠡ ᠲᠤᠯᠤᠭᠠᠢ ᠨᠢ ᠡᠪᠡᠳᠬᠦ ᠤᠳᠠᠭ᠎ᠠ ᠲᠤᠭ᠎ᠠ ᠨᠢ ᠪᠠᠭᠠᠰᠬᠠᠳᠠᠭ︔ ᠡᠬᠦᠨ ᠲᠠᠢ ᠡᠰᠡᠷᠬᠦ ᠪᠠᠶᠢᠬᠤ ᠨᠢ ᠪᠤᠯ ᠲᠤᠯᠤᠭᠠᠢ ᠡᠪᠡᠳᠬᠦ ᠤᠳᠠᠭ᠎ᠠ ᠨᠢ ᠤᠯᠠᠮ ᠢᠶᠠᠷ ᠤᠯᠠᠨ ᠪᠤᠯᠳᠠᠬ᠃ ᠨᠠᠪᠴᠢᠨ ᠬᠦᠴᠢᠯ ᠡᠯᠪᠡᠭ ᠠᠬᠤᠭᠤᠯᠤᠬᠳᠠᠵᠤ ᠪᠠᠶᠢᠬᠤ ᠢᠳᠡᠭᠡᠨ ᠨᠢ ᠦᠷᠭᠡᠰᠤᠳᠤ ᠨᠤᠭᠤᠭ᠎ᠠ ᠠᠴᠠ ᠭᠠᠳᠠᠨ᠎ᠡ ᠨᠤᠭᠤᠭᠠᠨ ᠴᠡᠴᠡᠭᠳᠤ ᠨᠤᠭᠤᠭ᠎ᠠ᠂ ᠠᠮᠲᠠᠲᠤ ᠭᠡᠮᠭᠡ᠂ ᠲᠠᠬᠢᠶᠠᠨ ᠦᠡᠳᠡᠭᠡ᠂ ᠬᠠᠪᠳᠠᠭᠠᠢ ᠪᠤᠷᠴᠠᠬ᠂ ᠬᠦᠵᠡᠯᠵᠡᠭᠡᠨ᠎ᠡ ᠵᠡᠷᠭᠡ ᠶᠢ ᠢᠯᠡᠬᠦᠤ ᠢᠳᠡᠵᠤ ᠪᠤᠯᠤᠨ᠎ᠡ᠃ ᠡᠳᠡᠭᠡᠷ ᠨᠢ ᠵᠦᠪᠭᠡᠨ ᠲᠠᠯ᠎ᠡ ᠲᠤᠯᠤᠭᠠᠢ ᠡᠪᠡᠳᠬᠦ ᠶᠢ ᠨᠠᠮᠳᠠᠭᠠᠬᠤ ᠪᠠᠷ ᠪᠠᠷᠠᠬᠤ ᠦᠭᠡᠢ᠂ ᠪᠠᠰᠨ ᠰᠨ ᠡᠪᠡᠳᠴᠢᠨ ᠳᠤ ᠨᠡᠷᠪᠡᠭᠳᠡᠬᠦ ᠲᠦᠭᠰᠢᠬᠦᠷᠢ ᠶᠢ ᠬᠠᠮᠤᠬ ᠤᠨ ᠲᠤᠤᠷ᠎ᠡ ᠭᠡᠮᠵᠢᠶ᠎ᠡ ᠬᠦᠷᠳᠡᠯ᠎ᠡ ᠪᠠᠭᠤᠷᠠᠭᠤᠯᠵᠤ ᠴᠢᠳᠠᠨ᠎ᠡ᠃     ᠪᠡᠯᠡᠳᠬᠡᠭᠰᠡᠨ ᠨᠢ᠄ ᠭᠡᠷᠡᠯ     ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠤᠨ
 
ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004651号-2