ᠳᠠᠷᠢᠶᠠᠨ ᠡᠮ ᠪᠤᠯ ᠤᠨᠴᠠᠭᠠᠢ ᠳᠠᠸᠠᠷ᠂ ᠤᠯᠤᠰ ᠠᠴᠠ ᠳᠠᠷᠢᠶᠠᠨ ᠡᠮ ᠢ ᠳᠠᠩᠰᠠᠯᠠᠬᠤ ᠳᠦᠷᠢᠮ᠂ | ᠦᠢᠯᠡᠳᠪᠤᠷᠢᠯᠡᠯ ᠢ ᠵᠦᠪᠰᠢᠶᠡᠷᠡᠭᠰᠡᠨ ᠳᠦᠷᠢᠮ᠂ ᠦᠢᠯᠡᠳᠭᠦᠨ ᠤ ᠶᠠᠰᠤ ᠴᠢᠨᠠᠷ ᠤᠨ ᠬᠢᠷᠢ ᠳᠡᠩᠴᠡᠭᠰᠡᠨ ᠳᠦᠷᠢᠮ ᠢ | ᠬᠡᠷᠡᠭᠵᠢᠭᠦᠯᠵᠤ ᠪᠤᠢ᠃ | ᠳᠠᠩᠰᠠᠯᠠᠬᠰᠠᠨ ᠭᠡᠷᠡᠴᠢ ᠶᠢᠨ ᠨᠤᠮᠧᠷ᠄ ᠳᠦᠷ ᠳᠠᠩᠰᠠᠯᠠᠬᠰᠠᠨ ᠭᠡᠷᠡᠴᠢ ᠪᠤᠯ vs ᠪᠠ ws ᠦᠰᠦᠭ ᠠᠴᠠ | ᠡᠬᠢᠯᠡᠨ᠎ᠠ᠃ ᠵᠢᠩᠬᠢᠨᠢ ᠳᠠᠩᠰᠠᠯᠠᠬᠰᠠᠨ ᠭᠡᠷᠡᠴᠢ ᠶᠢ ᠪᠤᠯ PD᠂ PDN᠂ WP᠂ WPN ᠦᠰᠦᠭ ᠠᠴᠠ | ᠡᠬᠢᠯᠡᠨ᠎ᠠ᠃ ᠬᠤᠪᠢᠶᠠᠵᠤ ᠰᠠᠪᠠᠯᠠᠬᠰᠠᠨ ᠳᠠᠷᠢᠶᠠᠨ ᠡᠮ ᠢ ᠪᠤᠯ ᠡᠷᠭᠡᠪᠰᠢ ᠬᠤᠪᠢᠶᠠᠵᠤ ᠰᠠᠪᠠᠯᠠᠬᠤ ᠳᠠᠩᠰᠠᠯᠠᠬᠰᠠᠨ | ᠭᠡᠷᠡᠴᠢ ᠶᠢᠨ ᠨᠤᠮᠧᠷ ᠬᠡᠷᠡᠭᠯᠡᠨ᠎ᠠ᠃ ᠦᠢᠯᠡᠳᠪᠤᠷᠢᠯᠡᠬᠦ ᠶᠢ ᠵᠦᠪᠰᠢᠶᠡᠷᠡᠭᠰᠡᠨ ᠭᠡᠷᠡᠴᠢ ᠶᠢᠨ ᠨᠤᠮᠧᠷ᠄ ᠳᠠᠷᠢᠶᠠᠨ ᠡᠮ ᠢ | ᠦᠢᠯᠡᠳᠪᠤᠷᠢᠯᠡᠬᠦ ᠶᠢ ᠵᠦᠪᠰᠢᠶᠡᠷᠡᠭᠰᠡᠨ ᠭᠡᠷᠡᠴᠢ ᠶᠢᠨ ᠨᠤᠮᠧᠷ ᠤᠨ ᠬᠡᠯᠪᠡᠷᠢ᠂ ᠵᠢᠱᠢᠶᠡᠯᠡᠪᠡᠯ XK13067009 ︵ | 40% ᠤᠰᠤᠨ ᠠᠮᠢᠨ ᠬᠦᠬᠦᠷᠳᠤ ᠹᠤᠰᠹᠤᠷ ᠳᠤᠰᠤ︶ ᠳᠠᠷᠢᠶᠠᠨ ᠡᠮ ᠦᠢᠯᠡᠳᠪᠤᠷᠢᠯᠡᠬᠦ ᠶᠢ ᠵᠦᠪᠰᠢᠶᠡᠷᠡᠭᠰᠡᠨ | ᠪᠢᠴᠢᠭ ᠮᠠᠲᠧᠷᠢᠶᠠᠯ ᠤᠨ ᠬᠡᠯᠪᠡᠷᠢ ᠶᠠᠩᠵᠤ᠂ ᠵᠢᠱᠢᠶᠡᠯᠡᠪᠡᠯ HNK31069 — D3535 ︵ᠨᠤᠭᠤᠭᠠᠨ ᠢᠶᠠᠷ | ᠬᠠᠳᠠᠬᠤ ᠡᠪᠡᠳᠴᠢᠨ ᠢ ᠰᠡᠷᠭᠡᠶᠢᠯᠡᠬᠦ ᠺᠠᠩ ᠳᠢ ᠯᠸᠢ ᠳᠧ ᠡᠮ 2᠃ | ᠶᠠᠰᠤ ᠴᠢᠨᠠᠷ ᠤᠨ ᠪᠠᠷᠢᠮᠵᠢᠶ᠎ᠠ ᠶᠢᠨ ᠭᠡᠷᠡᠴᠢ᠄ ᠳᠠᠷᠢᠶᠠᠨ ᠡᠮ ᠤᠨ ᠴᠢᠨᠠᠷ ᠴᠢᠨᠰᠠᠭ᠎ᠠ ᠶᠢᠨ ᠪᠠᠷᠢᠮᠵᠢᠶ᠎ᠠ ᠶᠢ | ᠤᠯᠤᠰ ᠤᠨ ᠪᠠᠷᠢᠮᠵᠢᠶ᠎ᠠ᠂ ᠠᠵᠢᠯ ᠳᠦᠷᠦᠯ ᠤᠨ ᠪᠠᠷᠢᠮᠵᠢᠶ᠎ᠠ ᠬᠢᠭᠡᠳ ᠠᠵᠤ ᠠᠬᠤᠢᠢᠯᠠᠯ ᠤᠨ ᠪᠠᠷᠢᠮᠵᠢᠶ᠎ᠠ ᠭᠡᠵᠤ | ᠭᠤᠷᠪᠠᠨ ᠳᠦᠷᠦᠯ ᠳᠤ ᠬᠤᠪᠢᠶᠠᠨ᠎ᠠ᠃ ᠡᠭᠦᠨ ᠳᠤ ᠭᠡᠷᠡᠴᠢ ᠶᠢᠨ ᠨᠤᠮᠧᠷ ᠢ CB ᠬᠢᠭᠡᠳ Q ᠵᠡᠷᠭᠡ ᠦᠰᠦᠭ ᠢᠶᠠᠷ | ᠡᠬᠢᠯᠡᠨ᠎ᠠ᠃ | | ᠢᠷᠡᠯᠳᠡ᠄ ᠠᠯᠠᠱᠠ ᠠᠶᠢᠮᠠᠭ ᠶᠢᠨ ᠵᠠᠬᠢᠷᠭ᠎ᠠ | ᠪᠡᠯᠡᠳᠭᠡᠭᠰᠡᠨ ᠨᠢ᠄ ᠳᠤᠭᠤᠰ |