︽2022 ᠣᠨ ᠤ ᠬᠤᠸᠠᠳᠧ ᠰᠢᠶᠠᠨ ᠤ ᠡᠷᠳᠡᠨᠢ ᠰᠢᠰᠢ᠂ ᠰᠢᠷ᠎ᠠ ᠪᠤᠷᠴᠠᠭ ᠪᠠ ᠲᠥᠮᠥᠰᠥ ᠦᠢᠯᠡᠳᠪᠦᠷᠢᠯᠡᠭᠴᠢ ᠳᠤ ᠨᠥᠬᠦᠪᠦᠷᠢ ᠥᠭᠬᠦ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠤᠨ ᠬᠡᠷᠡᠭᠵᠢᠭᠦᠯᠬᠦ ᠲᠥᠰᠥᠯ︾ ᠢ ᠳᠠᠷᠤᠮᠠᠯᠯᠠᠨ ᠲᠠᠷᠬᠠᠭᠠᠬᠤ ᠲᠤᠬᠠᠢ ᠮᠡᠳᠡᠭᠳᠡᠯ
ᠨᠡᠶᠢᠲᠡᠯᠡᠭᠰᠡᠨ ᠴᠠᠭ᠄
2022/6/17
   ᠬᠤᠸᠠᠳᠧ ᠵᠠᠰᠠᠭ ᠠᠯᠪᠠᠨ ᠲᠠᠷᠬᠠᠭᠠᠭᠰᠠᠨ 〔2022〕24 ᠳ᠋ᠦ᠋ᠭᠡᠷ ᠲᠣᠭᠠᠲᠤᠡᠯ᠎ᠡ ᠰᠢᠶᠠᠩ ᠪᠠᠯᠭᠠᠰᠤᠨ ᠤ ᠠᠷᠠᠳ ᠤᠨ ᠵᠠᠰᠠᠭ ᠤᠨ ᠣᠷᠳᠣᠨ ᠂ ᠰᠢᠶᠠᠨ ᠤ ᠰᠢᠭᠤᠳ ᠬᠠᠷᠢᠶ᠎ᠠ ᠬᠤᠯᠪᠣᠭᠳᠠᠯ ᠪᠦᠬᠦᠢ ᠨᠢᠭᠡᠴᠡ ᠨᠦᠭᠦᠳ ᠲᠤ ᠄   ︽2022 ᠣᠨ ᠤ ᠬᠤᠸᠠᠳᠧ ᠰᠢᠶᠠᠨ ᠤ ᠡᠷᠳᠡᠨᠢ ᠰᠢᠰᠢ᠂ ᠰᠢᠷ᠎ᠠ ᠪᠤᠷᠴᠠᠭ ᠪᠠ ᠲᠥᠮᠥᠰᠥ ᠦᠢᠯᠡᠳᠪᠦᠷᠢᠯᠡᠭᠴᠢ ᠳᠤ ᠨᠥᠬᠦᠪᠦᠷᠢ ᠥᠭᠬᠦ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠤᠨ ᠬᠡᠷᠡᠭᠵᠢᠭᠦᠯᠬᠦ ᠲᠥᠰᠥᠯ︾ ᠢ ᠡᠳᠦᠭᠡ ᠲᠠᠨᠠᠷ ᠲᠤ ᠳᠠᠷᠤᠮᠠᠯᠯᠠᠨ ᠶᠠᠪᠤᠭᠤᠯᠤᠯ᠎ᠠ᠂ ᠪᠣᠳᠠᠲᠠᠢ ᠲᠠᠢ ᠪᠠᠨ ᠤᠶᠠᠯᠳᠤᠭᠤᠯᠤᠨ᠂ ᠬᠢᠨᠠᠮᠠᠭᠠᠢ ᠲᠤᠭᠤᠰᠢᠯᠠᠭᠤᠯᠤᠨ ᠬᠡᠷᠡᠭᠵᠢᠭᠦᠯᠲᠦᠭᠡᠢ᠃                    ᠬᠤᠸᠠᠳᠧ ᠰᠢᠶᠠᠨ ᠤ ᠠᠷᠠᠳ ᠤᠨ ᠵᠠᠰᠠᠭ ᠤᠨ ᠣᠷᠳᠤᠨ                               2022 ᠣᠨ ᠤ 6 ᠰᠠᠷ᠎ᠠ ᠶᠢᠨ 14︵ᠲᠣᠰ ᠮᠠᠲ᠋ᠧᠷᠢᠶᠠᠯ ᠢ ᠢᠯᠡ ᠪᠠᠷ ᠨᠡᠶᠢᠲᠡᠯᠡᠨ᠎ᠡ︶   2022 ᠣᠨ ᠤ ᠬᠤᠸᠠᠳᠧ ᠰᠢᠶᠠᠨ ᠤ ᠡᠷᠳᠡᠨᠢ ᠰᠢᠰᠢ ᠂ ᠰᠢᠷ᠎ᠠ ᠪᠤᠷᠴᠠᠭ ᠪᠠ ᠲᠥᠮᠥᠰᠥ ᠦᠢᠯᠡᠳᠪᠦᠷᠢᠯᠡᠭᠴᠢ ᠳᠤ ᠨᠥᠬᠦᠪᠦᠷᠢ ᠥᠭᠬᠦ ᠲᠦᠷᠦ ᠶᠢᠨ ᠪᠣᠳᠣᠯᠭ᠎ᠠ ᠶᠢ ᠬᠡᠷᠡᠭᠵᠢᠭᠦᠯᠬᠦ ᠲᠥᠰᠥᠯ   2022 ᠣᠨ ᠤ ᠪᠦᠬᠦ ᠰᠢᠶᠠᠨ ᠤ ᠡᠷᠳᠡᠨᠢ ᠰᠢᠰᠢ᠂ ᠰᠢᠷ᠎ᠠ ᠪᠤᠷᠴᠠᠭ ᠪᠣᠯᠣᠨ ᠲᠥᠮᠥᠰᠥ ᠦᠢᠯᠡᠳᠪᠦᠷᠢᠯᠡᠭᠴᠢᠳ ᠲᠤ ᠨᠥᠬᠦᠪᠦᠷᠢ ᠥᠭᠬᠦ ᠠᠵᠢᠯ ᠢ ᠰᠠᠶᠢᠲᠤᠷ ᠬᠢᠬᠦ ᠶᠢᠨ ᠲᠥᠯᠥᠭᠡ᠂ ᠡᠷᠳᠡᠨᠢ ᠰᠢᠰᠢ᠂ ᠰᠢᠷ᠎ᠠ ᠪᠤᠷᠴᠠᠭ ᠪᠣᠯᠣᠨ ᠲᠥᠮᠥᠰᠥ ᠦᠢᠯᠡᠳᠪᠦᠷᠢᠯᠡᠭᠴᠢᠳ ᠤᠨ ᠨᠥᠬᠦᠪᠦᠷᠢ ᠪᠡᠯᠡ ᠮᠥᠩᠭᠦ ᠶᠢᠨ ᠬᠡᠷᠡᠭᠯᠡᠯᠲᠡ ᠬᠠᠮᠢᠶᠠᠷᠤᠯᠲᠠ ᠶᠢ ᠤᠯᠠᠮ ᠨᠢᠭᠡ ᠠᠯᠬᠤᠮ ᠴᠢᠩᠭᠠᠳᠬᠠᠵᠤ᠂ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠤᠨ ᠲᠢᠩᠬᠢᠮ ᠂ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ ᠂ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶᠠᠨ ᠤ ᠡᠷᠳᠡᠨᠢ ᠰᠢᠰᠢ ᠂ ᠰᠢᠷ᠎ᠠ ᠪᠤᠷᠴᠠᠭ ᠪᠠ ᠲᠥᠮᠥᠰᠥ ᠲᠠᠷᠢᠭᠴᠢᠳ ᠲᠤ ᠨᠥᠬᠦᠪᠦᠷᠢ ᠥᠭᠬᠦ  ᠶᠢ ᠲᠡᠭᠦᠯᠳᠡᠷᠵᠢᠭᠦᠯᠬᠦ ᠲᠤᠬᠠᠢ ᠲᠦᠷᠦ ᠶᠢᠨ ᠪᠣᠳᠣᠯᠭ᠎ᠠ ᠶᠢᠨ ᠮᠡᠳᠡᠭᠳᠡᠯ ︾ ︵ ᠥᠪᠥᠷ ᠡᠳ᠋ ᠤᠨ ᠵᠠᠰᠠᠭ ᠠᠷᠠᠯᠵᠢᠶ᠎ᠠ 〔2020〕 518 ᠳ᠋ᠤᠭᠠᠷ ᠲᠣᠭᠠᠲᠤ︶ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠢ ᠶᠢᠨ ᠲᠢᠩᠬᠢᠮ ᠂ ᠡᠳ᠋ ᠤᠨ ᠵᠠᠰᠠᠭ ᠤᠨ ᠲᠢᠩᠬᠢᠮ ᠂ ᠬᠥᠭᠵᠢᠭᠦᠯᠦᠯᠲᠡ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ ᠤᠨ 2022 ᠣᠨ ᠤ ᠡᠷᠳᠡᠨᠢ ᠰᠢᠰᠢ ᠂ ᠰᠢᠷ᠎ᠠ ᠪᠤᠷᠴᠠᠭ ᠪᠠ ᠲᠥᠮᠥᠰᠥ ᠲᠠᠷᠢᠭᠴᠢᠳ ᠲᠤ ᠨᠥᠬᠦᠪᠦᠷᠢ ᠥᠭᠬᠦ ᠶᠢ ᠤᠯᠠᠮ ᠨᠢᠭᠡ ᠠᠯᠬᠤᠮ ᠲᠡᠭᠦᠯᠳᠡᠷᠵᠢᠭᠦᠯᠬᠦ ᠲᠤᠬᠠᠢ ᠲᠥᠷᠥ ᠶᠢᠨ ᠪᠣᠳᠣᠯᠭ᠎ᠠ ᠶᠢᠨ ᠲᠤᠬᠠᠢ ᠮᠡᠳᠡᠭᠳᠡᠯ︾ ︵ᠥᠪᠥᠷ ᠲᠠᠷᠢᠶᠠᠯᠠᠩ ᠮᠠᠯ ᠠᠵᠤ ᠠᠬᠤᠢ ᠶᠢᠨ ᠲᠢᠩᠭᠢᠮ ᠤᠨ ᠲᠠᠷᠢᠵᠣ ᠤᠷᠭᠤᠭᠤᠯᠬᠤ ᠦᠰᠦᠭ ﹇2022﹈ 23 ᠳ᠋ᠤᠭᠠᠷ ᠲᠣᠭᠠᠲᠤ︶ ︽ᠤᠯᠠᠭᠠᠨᠴᠠᠪ ᠬᠤᠲᠠ ᠶᠢᠨ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ ᠂ ᠡᠳ᠋ ᠤᠨ ᠵᠠᠰᠠᠭ ᠤᠨ ᠲᠣᠪᠴᠢᠶ᠎ᠠ ᠂ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ ᠤᠨ 2022 ᠣᠨ ᠤ ᠤᠯᠠᠭᠠᠨᠴᠠᠪ ᠬᠤᠲᠠ ᠶᠢᠨ ᠡᠷᠳᠡᠨᠢ ᠰᠢᠰᠢ᠂ ᠰᠢᠷ᠎ᠠ ᠪᠤᠷᠴᠠᠭ ᠪᠠ ᠲᠥᠮᠥᠰᠥ ᠲᠠᠷᠢᠭᠴᠢᠳ ᠲᠤ ᠨᠥᠬᠦᠪᠦᠷᠢ ᠥᠭᠬᠦ ᠲᠥᠷᠥ ᠶᠢᠨ ᠪᠣᠳᠣᠯᠭ᠎ᠠ ᠶᠢ ᠬᠡᠷᠡᠭᠵᠢᠭᠦᠯᠬᠦ ᠲᠥᠰᠥᠯ ᠢ ᠳᠠᠷᠤᠮᠠᠯᠯᠠᠨ ᠲᠠᠷᠬᠠᠭᠠᠬᠤ ᠲᠤᠬᠠᠢ ᠮᠡᠳᠡᠭᠳᠡᠯ︾ ︵ ᠤᠯᠠᠭᠠᠨᠴᠠᠪ ᠤᠨ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶᠠᠨ ᠤ ᠲᠠᠷᠢᠵᠣ ᠤᠷᠭᠤᠭᠤᠯᠬᠤ ᠲᠠᠷᠬᠠᠭᠠᠭᠰᠠᠨ ﹇2022﹈ 189 ᠳ᠋ᠦ᠋ᠭᠡᠷ ᠲᠣᠭᠠᠲᠤ ︶ ᠪᠢᠴᠢᠭ ᠮᠠᠲ᠋ᠧᠷᠢᠶᠡᠯ ᠤᠨ ᠵᠣᠷᠢᠭ ᠰᠠᠨᠠᠭ᠎ᠠ ᠶᠢ ᠦᠨᠳᠦᠰᠦᠯᠡᠵᠦ᠂ ᠮᠠᠨ ᠤ ᠰᠢᠶᠠᠨ ᠤ ᠠᠮᠤ ᠪᠤᠳᠠᠭᠠᠨ ᠤ ᠪᠣᠳᠠᠲᠠᠢ ᠦᠢᠯᠡᠳᠪᠦᠷᠢᠯᠡᠯ ᠪᠠ ᠰᠢᠷ᠎ᠠ ᠪᠤᠷᠴᠠᠭ ᠤᠨ ᠲᠣᠰᠣᠯᠢᠭ ᠲᠠᠷᠢᠮᠠᠯ ᠢ ᠥᠷᠭᠡᠳᠬᠡᠨ ᠲᠠᠷᠢᠬᠤ ᠡᠭᠦᠷᠭᠡ ᠲᠠᠢ ᠤᠶᠠᠯᠳᠤᠭᠤᠯᠤᠨ ᠲᠤᠰ ᠲᠥᠰᠥᠯ ᠢ ᠲᠣᠭᠲᠠᠭᠠᠪᠠ ᠃   ᠨᠢᠭᠡ ᠂ ᠵᠢᠯᠤᠭᠤᠳᠬᠤ ᠦᠵᠡᠯ ᠰᠠᠨᠠᠭ᠎ᠠ   ᠰᠢ ᠶᠢᠨ ᠫᠢᠩ  ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠪᠦᠬᠦᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠣᠭᠤᠳᠤᠯᠭ᠎ᠠ ᠪᠣᠯᠭᠠᠵᠤ᠂ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠪᠣᠯᠣᠨ ᠠᠷᠪᠠ ᠶᠢᠰᠦᠳᠦᠭᠡᠷ ᠬᠤᠭᠤᠴᠠᠭᠠᠨ ᠤ ᠤᠳᠠᠭ᠎ᠠ ᠪᠦᠷᠢ ᠶᠢᠨ ᠪᠦᠭᠦᠳᠡ ᠬᠤᠷᠠᠯ ᠤᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠭᠤᠰᠢᠯᠠᠭᠤᠯᠵᠤ ᠂ ᠨᠠᠮ ᠤᠨ ᠲᠥᠪ ᠬᠤᠷᠢᠶ᠎ᠠ ᠂ ᠲᠦᠷᠦ ᠶᠢᠨ ᠶᠠᠪᠤᠳᠠᠯ ᠤᠨ ᠬᠤᠷᠢᠶᠠᠨ ᠤ ᠲᠠᠷᠢᠶᠠᠯᠠᠩ ᠢ ᠬᠦᠴᠦᠷᠬᠡᠭᠵᠢᠭᠦᠯᠦᠨ ᠲᠠᠷᠢᠶᠠᠴᠢᠳ ᠲᠤ ᠠᠰᠢᠭ ᠬᠦᠷᠲᠡᠭᠡᠬᠦ ᠲᠦᠷᠦ ᠶᠢᠨ ᠪᠣᠳᠣᠯᠭ᠎ᠠ ᠶᠢᠨ ᠪᠠᠶᠢᠷᠢᠯᠠᠭᠤᠯᠤᠯᠲᠠ ᠶᠢ ᠨᠠᠷᠢᠨ ᠬᠢᠨᠠᠮᠠᠭᠠᠢ ᠨᠠᠶᠢᠳᠠᠪᠤᠷᠢᠵᠢᠭᠤᠯᠵᠤ ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ ᠪᠣᠳᠣᠯᠭ᠎ᠠ ᠶᠢ ᠯᠠᠪᠳᠠᠭᠤᠨ ᠪᠠᠲᠤᠲᠠᠢ ᠠᠬᠢᠭᠤᠯᠵᠤ ᠂ ᠡᠷᠳᠡᠨᠢ ᠰᠢᠰᠢ ᠂ ᠰᠢᠷ᠎ᠠ ᠪᠤᠷᠴᠠᠭ ᠪᠣᠯᠣᠨ ᠲᠥᠮᠥᠰᠥ ᠲᠠᠷᠢᠬᠴᠢᠳ ᠤᠨ ᠦᠨᠳᠦᠰᠦᠨ ᠠᠰᠢᠭ ᠣᠷᠣᠯᠭ᠎ᠠ ᠶᠢ ᠪᠠᠲᠤᠯᠠᠵᠤ ᠂ ᠮᠠᠨ ᠤ ᠰᠢᠶᠠᠨ ᠤ ᠲᠠᠷᠢᠶᠠᠯᠠᠩ ᠤᠨ ᠬᠥᠭᠵᠢᠯᠲᠡ ᠶᠢᠨ ᠶᠠᠰᠤ ᠴᠢᠨᠠᠷ ᠪᠣᠯᠣᠨ ᠦᠷ᠎ᠡ ᠠᠰᠢᠭ ᠢ ᠠᠬᠢᠭᠤᠯᠵᠤ ᠂ ᠮᠠᠨ ᠤ ᠰᠢᠶᠠᠨ ᠤ ᠲᠥᠮᠥᠰᠥ ᠶᠢᠨ ᠠᠵᠤ ᠦᠢᠯᠡᠰ ᠤᠨ ᠲᠡᠰ ᠳᠡᠪᠰᠢᠬᠦ ᠶᠢ ᠠᠬᠢᠭᠤᠯᠵᠤ ᠂ ᠠᠮᠤ ᠪᠤᠳᠠᠭ᠎ᠠ ᠪᠣᠯᠣᠨ ᠴᠢᠬᠤᠯᠠ ᠲᠠᠷᠢᠶᠠᠯᠠᠩ ᠤᠨ ᠪᠦᠲᠦᠭᠡᠭᠳᠡᠬᠦᠨ ᠤ ᠬᠠᠩᠭᠠᠯᠭ᠎ᠠ ᠶᠢ ᠪᠠᠲᠤᠯᠠᠬᠤ ᠴᠢᠳᠠᠪᠤᠷᠢ ᠶᠢ ᠳᠡᠭᠡᠭᠰᠢᠯᠡᠭᠦᠯᠦᠨ᠎ᠡ ᠃   ᠬᠤᠶᠠᠷ ᠂ ᠦᠨᠳᠦᠰᠦᠨ ᠵᠠᠷᠴᠢᠮ   1. ᠨᠢᠭᠡᠳᠦᠯᠲᠡᠢ ᠪᠠᠷᠢᠮᠵᠢᠶ᠎ᠠ ᠶᠢ ᠬᠡᠷᠡᠭᠵᠢᠭᠦᠯᠦᠨ᠎ᠡ᠃ ᠪᠦᠬᠦ ᠰᠢᠶᠠᠨ ᠤ ᠬᠡᠪᠴᠢᠶᠡᠨ ᠳᠤ ᠡᠷᠳᠡᠨᠢ ᠰᠢᠰᠢ ᠂ ᠰᠢᠷ᠎ᠠ ᠪᠤᠷᠴᠠᠭ ᠂ ᠲᠥᠮᠥᠰᠥ ᠦᠢᠯᠡᠳᠪᠦᠷᠢᠯᠡᠭᠴᠢᠳ ᠲᠤ ᠨᠥᠬᠦᠪᠦᠷᠢ ᠥᠭᠬᠦ ᠨᠢᠭᠡᠳᠦᠯᠲᠡᠢ ᠪᠠᠷᠢᠮᠵᠢᠶ᠎ᠠ ᠶᠢ ᠬᠡᠷᠡᠭᠵᠢᠭᠦᠯᠦᠨ᠎ᠡ ᠃   2. ᠪᠡᠯᠡ ᠮᠥᠩᠭᠦ ᠶᠢᠨ ᠬᠢᠨᠠᠯᠲᠠ ᠬᠠᠮᠢᠶᠠᠷᠤᠯᠲᠠ ᠶᠢ ᠴᠢᠩᠭᠠᠳᠬᠠᠨ᠎ᠠ᠃ ᠨᠥᠬᠦᠪᠦᠷᠢ ᠶᠢᠨ ᠲᠥᠷᠥ ᠶᠢᠨ ᠪᠣᠳᠣᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠤ᠂ ᠨᠥᠬᠦᠪᠦᠷᠢ ᠶᠢᠨ ᠪᠡᠯᠡ ᠮᠥᠩᠭᠦ ᠶᠢᠨ ᠪᠠᠷᠢᠮᠵᠢᠶ᠎ᠠ ᠶᠢ ᠲᠣᠳᠣᠷᠬᠠᠢ᠂ ᠶᠠᠪᠤᠴᠠ ᠶᠢ ᠵᠢᠷᠤᠮᠵᠢᠭᠤᠯᠤᠨ᠂ ᠶᠠᠪᠤᠴᠠ ᠶᠢ ᠢᠯᠡ ᠲᠣᠳᠣ ᠪᠠᠶᠢᠯᠭᠠᠵᠤ᠂ ᠨᠡᠶᠢᠭᠡᠮ ᠤᠨ ᠡᠯ᠎ᠡ ᠲᠠᠯ᠎ᠠ ᠶᠢᠨ ᠬᠢᠨ ᠤ ᠬᠢᠨᠠᠯᠲᠠ ᠲᠠᠯᠪᠢᠬᠤ ᠶᠢ ᠤᠬᠠᠮᠰᠠᠷ ᠠᠴᠠ ᠪᠠᠨ ᠬᠦᠯᠢᠶᠡᠵᠦ᠂ ᠡᠳ᠋ ᠤᠨ ᠵᠠᠰᠠᠭ ᠤᠨ ᠨᠥᠬᠦᠪᠦᠷᠢ ᠶᠢᠨ ᠪᠡᠯᠡ ᠮᠥᠩᠭᠦ ᠶᠢᠨ ᠦᠷ᠎ᠡ ᠠᠰᠢᠭ ᠢᠶᠠᠨ ᠪᠠᠳᠠᠷᠠᠭᠤᠯᠬᠤ ᠶᠢ ᠠᠬᠢᠭᠤᠯᠤᠨ᠎ᠠ᠃   ᠭᠤᠷᠪᠠ᠂ ᠬᠡᠷᠡᠭᠵᠢᠭᠦᠯᠬᠦ ᠠᠭᠤᠯᠭ᠎ᠠ   ︵ᠨᠢᠭᠡ︶ ᠡᠷᠳᠡᠨᠢ ᠰᠢᠰᠢ ᠂ ᠰᠢᠷ᠎ᠠ ᠪᠤᠷᠴᠠᠭ ᠂ ᠲᠥᠮᠥᠰᠥ ᠦᠢᠯᠡᠳᠪᠦᠷᠢᠯᠡᠭᠴᠢ ᠶᠢᠨ ᠨᠥᠬᠦᠪᠦᠷᠢ   1.ᠨᠥᠬᠦᠪᠦᠷᠢ ᠥᠭᠬᠦ ᠬᠡᠪᠴᠢᠶ᠎ᠡ ᠪᠠ ᠡᠲᠡᠭᠡᠳ᠃ ᠡᠷᠳᠡᠨᠢ ᠰᠢᠰᠢ᠂ ᠰᠢᠷ᠎ᠠ ᠪᠤᠷᠴᠠᠭ ᠦᠢᠯᠡᠳᠪᠦᠷᠢᠯᠡᠭᠴᠢ ᠳᠤ ᠨᠥᠬᠦᠪᠦᠷᠢ ᠣᠯᠭᠤᠬᠤ ᠡᠲᠡᠭᠡᠳ ᠪᠣᠯ ᠪᠥᠬᠦ ᠰᠢᠶᠠᠨ ᠤ 6 ᠰᠢᠶᠠᠩ ᠪᠠᠯᠭᠠᠰᠤᠨ ᠤ ᠬᠠᠤᠯᠢ ᠶᠣᠰᠣᠨ ᠤ ᠲᠠᠷᠢᠶᠠᠨ ᠭᠠᠵᠠᠷ ᠳᠡᠭᠡᠷ᠎ᠡ ᠡᠷᠳᠡᠨᠢ ᠰᠢᠰᠢ᠂ ᠰᠢᠷ᠎ᠠ ᠪᠤᠷᠴᠠᠭ ᠦᠢᠯᠡᠳᠪᠦᠷᠢᠯᠡᠭᠴᠢ ᠳᠤ ᠨᠥᠬᠦᠪᠦᠷᠢ ᠣᠯᠭᠤᠨ᠎ᠠ᠃ ᠤᠯᠤᠰ ᠠᠴᠠ ᠨᠢᠭᠡᠨᠲᠡ ᠲᠠᠷᠢᠶᠠᠯᠠᠬᠤ ᠶᠢ ᠵᠣᠭᠰᠤᠭᠠᠬᠤ ᠪᠠᠷ ᠲᠣᠳᠣᠷᠬᠠᠢ ᠲᠣᠭᠲᠠᠭᠠᠭᠰᠠᠨ ᠭᠠᠵᠠᠷ ᠰᠢᠷᠣᠢ ᠂ ᠵᠥᠪᠰᠢᠶᠡᠷᠡᠯ ᠣᠯᠣᠭᠰᠠᠨ ᠤᠶᠢᠭᠡᠢ ᠪᠠᠷ ᠰᠢᠨ᠎ᠡ ᠪᠠᠷ ᠬᠠᠭᠠᠯᠪᠤᠷᠢᠯᠠᠭᠰᠠᠨ ᠭᠠᠵᠠᠷ ᠰᠢᠷᠣᠢ ᠪᠠ ᠬᠠᠤᠯᠢ ᠪᠤᠰᠤ ᠪᠠᠷ ᠳᠠᠷᠢᠭᠰᠠᠨ ᠭᠠᠵᠠᠷ ᠰᠢᠷᠣᠢ ᠳᠤ ᠨᠥᠬᠦᠪᠦᠷᠢ ᠥᠭᠬᠦ ᠤᠶᠢᠭᠡᠢ ᠃ ᠨᠡᠯᠢᠶᠡᠳ ᠶᠡᠭᠡ ᠭᠠᠮᠰᠢᠭ ᠦᠭᠡᠢ ᠪᠠᠶᠢᠳᠠᠯ ᠳᠣᠣᠷ᠎ᠠ᠂ ᠰᠢᠷ᠎ᠠ ᠪᠤᠷᠴᠠᠭ ᠤᠨ ᠲᠠᠯᠠᠪᠠᠶ ᠨᠢᠭᠡᠴᠢ ᠶᠢᠨ ᠤᠨᠠᠯᠲᠠ ᠨᠢ ᠲᠤᠬᠠᠢ ᠶᠢᠨ ᠭᠠᠵᠠᠷ ᠤᠨ ᠪᠠᠶᠢᠩᠭᠤ ᠶᠢᠨ ᠵᠢᠯ ᠤᠨ ᠳᠤᠮᠳᠠᠴᠢ ᠬᠢᠷᠢ ᠬᠡᠮᠵᠢᠶ᠎ᠡ ᠠᠴᠠ ᠢᠯᠡᠷᠬᠡᠢ ᠳᠣᠣᠷ᠎ᠠ ᠪᠠᠶᠢᠪᠠᠯ᠂ ᠳᠠᠷᠢᠭᠰᠠᠨ ᠤ ᠳᠠᠷᠠᠭ᠎ᠠ ᠳᠤᠷ᠎ᠠ ᠪᠠᠷ ᠨᠢ ᠲᠠᠯᠪᠢᠵᠤ ᠲᠠᠷᠢᠶᠠᠨ ᠠᠵᠢᠯ ᠤᠨ ᠬᠠᠮᠢᠶᠠᠷᠤᠯᠲᠠ ᠬᠢᠭᠰᠡᠨ ᠦᠭᠡᠢ᠂ ᠲᠣᠬᠢᠷᠠᠮᠵᠢ ᠦᠭᠡᠢ ᠭᠠᠵᠠᠷ ᠣᠷᠣᠨ ᠳᠤ ᠳᠠᠷᠢᠭᠰᠠᠨ ᠮᠥᠷᠲᠡᠭᠡᠨ ᠨᠥᠬᠦᠪᠦᠷᠢ ᠶᠢ ᠢᠯᠡᠳᠲᠡ ᠤᠬᠠᠭᠠᠯᠠᠨ ᠠᠪᠤᠭᠰᠠᠨ ᠦᠶᠯᠡ ᠠᠵᠢᠯᠯᠠᠭ᠎ᠠ ᠲᠠᠢ ᠪᠠᠶᠢᠪᠠᠯ ᠨᠥᠬᠦᠪᠦᠷᠢ ᠥᠭᠬᠦ ᠦᠭᠡᠢ᠃ ᠲᠥᠮᠥᠰᠥ ᠦᠢᠯᠡᠳᠪᠦᠷᠢᠯᠡᠭᠴᠢ ᠶᠢᠨ ᠨᠥᠬᠦᠪᠦᠷᠢ ᠶᠢᠨ ᠬᠡᠪᠴᠢᠶ᠎ᠡ ᠵᠢᠴᠢ ᠡᠲᠡᠭᠡᠳ ᠲᠤ ᠲᠦᠷᠪᠡᠨ ᠲᠦᠷᠦᠯ ᠤᠨ ᠬᠡᠯᠪᠡᠷᠢ ᠪᠠᠭᠲᠠᠨ᠎ᠠ ᠄ ᠨᠢᠭᠡ ᠳᠤ ᠂ ᠪᠦᠬᠦ ᠰᠢᠶᠠᠨ ᠤ ᠵᠢᠷᠭᠤᠭᠠᠨ ᠰᠢᠶᠠᠩ ᠪᠠᠯᠭᠠᠰᠤᠨ ᠤ ᠬᠠᠤᠯᠢ ᠶᠣᠰᠣᠨ ᠤ ᠲᠠᠷᠢᠶᠠᠨ ᠭᠠᠵᠠᠷ ᠳᠡᠭᠡᠷ᠎ᠡ ᠲᠥᠮᠥᠰᠥ ᠳᠠᠷᠢᠭᠰᠠᠨ ᠦᠢᠯᠡᠳᠪᠦᠷᠢᠯᠡᠭᠴᠢ ︔ ᠬᠤᠶᠠᠷ ᠲᠤ ᠂ ᠮᠠᠨ ᠤ ᠰᠢᠶᠠᠨ ᠤ ᠬᠢᠯᠢ ᠳᠣᠲᠣᠷ᠎ᠠ ᠲᠦᠮᠦᠰᠦᠨ ᠴᠢᠪᠢᠰᠤ᠂ ᠲᠥᠮᠥᠰᠥ ᠶᠢᠨ ᠬᠡᠷᠴᠢᠮᠡᠯ᠂ ᠲᠦᠮᠦᠰᠦᠨ ᠨᠤᠨᠳᠠᠭ ᠢ ᠪᠣᠯᠪᠠᠰᠤᠷᠠᠭᠤᠯᠬᠤ ᠠᠵᠤ ᠠᠬᠤᠶᠢᠯᠠᠯ ᠲᠠᠢ ᠭᠡᠷ᠎ᠡ ᠲᠣᠭᠲᠠᠵᠤ ᠂ ᠪᠦᠲᠦᠮᠵᠢᠲᠡᠶ ᠵᠠᠬᠢᠶᠠᠯᠠᠭ᠎ᠠ ᠶᠢᠨ ᠬᠠᠭᠤᠳᠠᠰᠤ ᠪᠠ ᠠᠷᠠᠯᠵᠢᠶᠠᠨ ᠤ ᠲᠠᠷᠢᠬᠴᠢ ᠶᠢ ᠪᠦᠷᠢᠯᠳᠦᠭᠦᠯᠦᠨ᠎ᠡ ︔ ᠭᠤᠷᠪᠠ ᠳᠤ ᠂ ᠣᠷᠭᠠᠨᠢᠭ ᠬᠠᠭᠤᠷᠠᠢ ᠶᠢᠨ ᠲᠠᠷᠢᠶᠠᠯᠠᠩ ᠤᠨ ᠦᠢᠯᠡᠳᠪᠦᠷᠢᠯᠡᠯ ᠤᠨ ᠠᠵᠢᠯᠯᠠᠭᠠᠨ ᠤ ᠮᠡᠷᠭᠡᠵᠢᠯ ᠤᠨ ᠳᠦᠷᠢᠮᠵᠢᠯ ᠢ ᠴᠢᠩᠭ᠎ᠠ ᠵᠢᠷᠤᠮᠯᠠᠨ ᠦᠢᠯᠡᠳᠪᠦᠷᠢᠯᠡᠬᠦ ᠪᠠ ᠬᠠᠮᠢᠶᠠᠷᠬᠤ ᠶᠢᠨ ᠬᠠᠮᠲᠤ ᠦᠢᠯᠡᠳᠪᠦᠷᠢᠯᠡᠭᠰᠡᠨ ᠲᠥᠮᠥᠰᠥ ᠶᠢᠨ ᠪᠦᠲᠦᠭᠡᠭᠳᠡᠬᠦᠨ ᠳᠤ ᠣᠷᠭᠠᠨᠢᠭ ᠭᠡᠷᠡᠴᠢᠯᠡᠯ ᠬᠢᠬᠦ ᠠᠵᠤ ᠠᠬᠤᠶᠢᠯᠠᠯ ᠂ ᠬᠤᠷᠰᠢᠶᠠᠵᠢᠯ ᠵᠡᠷᠭᠡ ᠰᠢᠨ᠎ᠡ ᠬᠡᠯᠪᠡᠷᠢ ᠶᠢᠨ ᠡᠵᠡᠩᠨᠡᠯᠲᠡ ᠶᠢᠨ ᠭᠤᠣᠯ ᠴᠣᠭᠴᠠ ︔ ᠳᠥᠷᠪᠡ ᠳᠤ ᠂ ᠮᠠᠨ ᠤ ᠰᠢᠶᠠᠨ ᠤ ᠬᠢᠯᠢ ᠳᠣᠲᠣᠷᠠᠬᠢ ᠬᠢᠷᠢ ᠬᠡᠮ ᠲᠠᠢ ᠲᠥᠮᠥᠰᠥ ᠶᠢᠨ ᠪᠢᠴᠢᠯ ᠬᠡᠯᠪᠡᠷᠢ ᠶᠢᠨ ᠲᠥᠮᠥᠰᠥ ᠶᠢᠨ ᠦᠢᠯᠡᠳᠪᠦᠷᠢᠯᠡᠯ ᠤᠨ ᠠᠵᠤ ᠠᠬᠤᠶᠢᠯᠠᠯ ᠨᠢ ᠦᠢᠯᠡᠳᠪᠦᠷᠢᠯᠡᠭᠰᠡᠨ ᠪᠢᠴᠢᠯ ᠬᠡᠯᠪᠡᠷᠢ ᠶᠢᠨ ᠲᠥᠮᠥᠰᠥ ᠨᠢ ᠮᠥᠬᠦᠯᠢᠭ ᠪᠦᠷᠢ ᠳᠡᠭᠡᠨ 3g ᠳᠤ ᠬᠦᠷᠬᠦ ᠦᠭᠡᠢ ᠂ ᠡᠪᠳᠡᠷᠡᠵᠦ ᠰᠦᠢᠳᠦᠭᠰᠡᠨ ᠨᠢ ᠬᠦᠨᠳᠦ ᠨᠣᠴᠢᠲᠠᠢ ᠪᠥᠭᠡᠳ ᠦᠷᠡᠵᠢᠭᠦᠯᠦᠨ ᠪᠣᠶᠢᠵᠢᠭᠤᠯᠬᠤ ᠮᠠᠲ᠋ᠧᠷᠢᠶᠠᠯ ᠪᠣᠯᠭᠠᠵᠤ ᠳᠡᠶᠢᠯᠬᠦ ᠦᠭᠡᠢ ᠨᠢ ᠢᠯᠡᠷᠬᠡᠢ ᠪᠠᠶᠢᠪᠠᠯ ᠨᠥᠬᠦᠪᠦᠷᠢ ᠥᠭᠬᠦ ᠦᠭᠡᠢ ᠃   2.ᠨᠥᠬᠦᠪᠦᠷᠢ ᠥᠭᠬᠦ ᠲᠤᠭ᠎ᠠ ᠬᠡᠮᠵᠢᠶ᠎ᠡ ᠪᠠ ᠪᠠᠷᠢᠮᠵᠢᠶ᠎ᠠ ᠃ ᠡᠷᠳᠡᠨᠢ ᠰᠢᠰᠢ᠂ ᠰᠢᠷ᠎ᠠ ᠪᠤᠷᠴᠠᠭ ᠦᠢᠯᠡᠳᠪᠦᠷᠢᠯᠡᠭᠴᠢ ᠳᠤ ᠨᠥᠬᠦᠪᠦᠷᠢ ᠥᠭᠬᠦ ᠳᠡᠭᠡᠨ ᠥᠪᠡᠷᠲᠡᠭᠡᠨ ᠵᠠᠰᠠᠬᠤ ᠣᠷᠣᠨ ᠤ ᠲᠤᠬᠠᠢ ᠶᠢᠨ ᠵᠢᠯ ᠤᠨ ᠪᠠ ᠳᠡᠭᠡᠷ᠎ᠡ ᠵᠢᠯ ᠤᠨ ᠦᠯᠡᠳᠡᠪᠦᠷᠢ ᠶᠢᠨ ᠨᠥᠬᠦᠪᠦᠷᠢ ᠶᠢᠨ ᠶᠡᠷᠦᠩᠬᠡᠢ ᠲᠤᠭ᠎ᠠ ᠶᠣᠰᠣᠭᠠᠷ᠂ ᠡᠯ᠎ᠡ ᠰᠢᠶᠠᠩ ᠪᠠᠯᠭᠠᠰᠤ ᠶᠢᠨ ᠵᠠᠰᠠᠭ ᠤᠨ ᠣᠷᠳᠣᠨ ᠤ ᠬᠢᠨᠠᠨ ᠬᠠᠷᠭᠤᠭᠤᠯᠵᠤ ᠳᠡᠭᠡᠭᠰᠢ ᠮᠡᠳᠡᠭᠦᠯᠵᠦ ᠬᠤᠷᠢᠶᠠᠩᠭᠤᠶᠢᠯᠠᠭᠰᠠᠨ ᠤ ᠳᠠᠷᠠᠭᠠᠬᠢ ᠲᠤᠬᠠᠢ ᠶᠢᠨ ᠵᠢᠯ ᠤᠨ ᠡᠷᠳᠡᠨᠢ ᠰᠢᠰᠢ᠂ ᠰᠢᠷ᠎ᠠ ᠪᠤᠷᠴᠠᠭ ᠤᠨ ᠪᠣᠳᠠᠲᠠᠢ ᠳᠠᠷᠢᠭᠰᠠᠨ ᠲᠠᠯᠠᠪᠠᠶ ᠶᠢ ᠦᠨᠳᠦᠰᠦᠯᠡᠨ᠂ ᠨᠢᠭᠡᠴᠡ ᠶᠢᠨ ᠨᠥᠬᠦᠪᠦᠷᠢ ᠶᠢᠨ ᠪᠠᠷᠢᠮᠵᠢᠶ᠎ᠠ ᠶᠢ ᠲᠣᠭᠲᠠᠭᠠᠨ᠎ᠠ᠃ ᠲᠥᠮᠥᠰᠥ ᠦᠢᠯᠡᠳᠪᠦᠷᠢᠯᠡᠭᠴᠢᠳ ᠲᠤ ᠥᠭᠬᠦ ᠨᠥᠬᠦᠪᠦᠷᠢ ᠶᠢᠨ ᠲᠤᠭ᠎ᠠ ᠬᠡᠮᠵᠢᠶ᠎ᠡ ᠨᠢ ᠥᠪᠡᠷᠲᠡᠭᠡᠨ ᠵᠠᠰᠠᠬᠤ ᠣᠷᠣᠨ ᠤ ᠲᠤᠬᠠᠢ ᠶᠢᠨ ᠵᠢᠯ ᠤᠨ ᠰᠠᠯᠭᠠᠨ ᠥᠭᠭᠦᠭᠰᠡᠨ ᠨᠥᠬᠦᠪᠦᠷᠢ ᠶᠢᠨ ᠶᠡᠷᠦᠩᠬᠡᠢ ᠲᠤᠭ᠎ᠠ ᠪᠣᠯᠣᠨ ᠳᠡᠭᠡᠷ᠎ᠡ ᠵᠢᠯ ᠤᠨ ᠦᠯᠡᠳᠡᠪᠦᠷᠢ ᠪᠡᠯᠡ ᠮᠥᠩᠭᠦ ᠪᠣᠯᠣᠨ᠎ᠠ ᠃ ᠲᠥᠮᠥᠰᠥ ᠲᠠᠷᠢᠬᠴᠢᠳ ᠲᠤ ᠨᠥᠬᠦᠪᠦᠷᠢ ᠥᠭᠬᠦ ᠳᠡᠭᠡᠨ ᠡᠯ᠎ᠡ ᠰᠢᠶᠠᠩ ᠪᠠᠯᠭᠠᠰᠤᠨ ᠤ ᠵᠠᠰᠠᠭ ᠤᠨ ᠣᠷᠳᠣᠨ ᠤ ᠬᠢᠨᠠᠨ ᠬᠠᠷᠭᠤᠭᠤᠯᠤᠭᠠᠳ ᠳᠡᠭᠡᠭᠰᠢ ᠮᠡᠳᠡᠭᠦᠯᠵᠦ ᠬᠤᠷᠢᠶᠠᠩᠭᠤᠶᠢᠯᠠᠭᠰᠠᠨ ᠤ ᠳᠠᠷᠠᠭᠠᠬᠢ ᠲᠤᠬᠠᠢ ᠶᠢᠨ ᠵᠢᠯ ᠤᠨ ᠲᠥᠮᠥᠰᠥ ᠶᠢᠨ ᠪᠣᠳᠠᠲᠠᠢ ᠳᠠᠷᠢᠭᠰᠠᠨ ᠲᠠᠯᠠᠪᠠᠢ ᠶᠢ ᠦᠨᠳᠦᠰᠦᠯᠡᠨ ᠂ ᠨᠢᠭᠡᠴᠢ ᠨᠥᠬᠦᠪᠦᠷᠢ ᠶᠢᠨ ᠪᠠᠷᠢᠮᠵᠢᠶ᠎ᠠ ᠶᠢ ᠲᠣᠭᠲᠠᠭᠠᠨ᠎ᠠ ︔ ᠲᠥᠮᠥᠰᠥ ᠡᠳ᠋ᠰᠢᠭᠦᠯᠬᠦ ᠳᠤ ᠲᠤᠰᠬᠠᠢ ᠬᠡᠷᠡᠭᠯᠡᠬᠦ ᠲᠥᠮᠥᠰᠥ ᠶᠢᠨ ᠵᠠᠬᠢᠶᠠᠯᠠᠭ᠎ᠠ ᠶᠢᠨ ᠲᠠᠷᠢᠶᠠᠯᠠᠭᠴᠢ ᠶᠢᠨ ᠨᠥᠬᠦᠪᠦᠷᠢ ᠶᠢᠨ ᠪᠠᠷᠢᠮᠵᠢᠶ᠎ᠠ ᠨᠢ 150 ᠲᠥᠭᠦᠷᠢᠭ\ ᠮᠦ︔ ᠣᠷᠭᠠᠨᠢᠭ ᠬᠠᠭᠤᠷᠠᠢ ᠪᠠᠷ ᠳᠠᠷᠢᠭᠰᠠᠨ ᠲᠥᠮᠥᠰᠥ ᠲᠠᠷᠢᠭᠰᠠᠳ ᠲᠤ ᠨᠥᠬᠦᠪᠦᠷᠢ ᠥᠭᠬᠦ ᠪᠠᠷᠢᠮᠵᠢᠶ᠎ᠠ ᠶᠢ 200 ᠲᠥᠭᠦᠷᠢᠭ\ ᠮᠦ ᠪᠣᠯᠭᠠᠨ᠎ᠠ︔ ᠪᠢᠴᠢᠯ ᠬᠡᠯᠪᠡᠷᠢ ᠶᠢᠨ ᠲᠥᠮᠥᠰᠥ ᠶᠢᠨ ᠦᠢᠯᠡᠳᠪᠦᠷᠢᠯᠡᠯ ᠤᠨ ᠨᠥᠬᠦᠪᠦᠷᠢ ᠶᠢᠨ ᠪᠠᠷᠢᠮᠵᠢᠶ᠎ᠠ ᠨᠢ 0.03 ᠲᠥᠭᠦᠷᠢᠭ\ ᠮᠥᠬᠦᠯᠢᠭ ᠪᠣᠯᠣᠨ᠎ᠠ᠃   ︵ᠬᠤᠶᠠᠷ︶ ᠰᠢᠯᠢᠮᠳᠡᠭ ᠤᠨ ᠦᠢᠯᠡᠳᠪᠦᠷᠢᠯᠡᠭᠴᠢᠳ ᠤᠨ ᠨᠥᠬᠦᠪᠦᠷᠢ   ᠰᠢᠯᠢᠮᠳᠡᠭ ᠤᠨ ᠦᠢᠯᠡᠳᠪᠦᠷᠢᠯᠡᠭᠴᠢ ᠳᠤ ᠨᠥᠬᠦᠪᠦᠷᠢ ᠥᠭᠬᠦ ᠡᠲᠡᠭᠡᠳ ᠪᠣᠯ ᠪᠦᠬᠦ ᠰᠢᠶᠠᠨ ᠤ ᠵᠢᠷᠭᠤᠭᠠᠨ ᠰᠢᠶᠠᠩ ᠪᠠᠯᠭᠠᠰᠤᠨ ᠤ ᠬᠠᠤᠯᠢ ᠶᠣᠰᠣᠨ ᠤ ᠲᠠᠷᠢᠶᠠᠨ ᠭᠠᠵᠠᠷ ᠳᠡᠭᠡᠷ᠎ᠡ ᠰᠢᠯᠢᠮᠳᠡᠭ ᠤᠨ ᠦᠢᠯᠡᠳᠪᠦᠷᠢᠯᠡᠭᠴᠢ ᠳᠤ ᠨᠥᠬᠦᠪᠦᠷᠢ ᠥᠭᠭᠦᠨ᠎ᠡ ᠃ ᠨᠥᠬᠦᠪᠦᠷᠢ ᠶᠢᠨ ᠪᠠᠷᠢᠮᠵᠢᠶ᠎ᠠ ᠶᠢ ᠥᠪᠡᠷᠲᠡᠭᠡᠨ ᠵᠠᠰᠠᠬᠤ ᠣᠷᠣᠨ ᠤ ᠲᠤᠬᠠᠢ ᠶᠢᠨ ᠵᠢᠯ ᠤᠨ ᠰᠠᠯᠭᠠᠨ ᠥᠭᠭᠦᠭᠰᠡᠨ ᠨᠥᠬᠦᠪᠦᠷᠢ ᠶᠢᠨ ᠶᠡᠷᠦᠩᠬᠡᠢ ᠲᠤᠭ᠎ᠠ ᠶᠢᠨ ᠶᠣᠰᠣᠭᠠᠷ᠂ ᠡᠯ᠎ᠡ ᠬᠤᠰᠢᠭᠤ ᠰᠢᠶᠠᠨ ᠬᠤᠲᠠ ᠲᠣᠭᠤᠷᠢᠭ ᠤᠨ ᠵᠠᠰᠠᠭ ᠤᠨ ᠣᠷᠳᠣᠨ ᠤ ᠬᠢᠨᠠᠨ ᠬᠠᠷᠭᠤᠭᠤᠯᠵᠤ ᠳᠡᠭᠡᠭᠰᠢ ᠮᠡᠳᠡᠭᠦᠯᠵᠦ ᠬᠤᠷᠢᠶᠠᠩᠭᠤᠶᠢᠯᠠᠭᠰᠠᠨ ᠤ ᠳᠠᠷᠠᠭᠠᠬᠢ ᠲᠤᠬᠠᠢ ᠶᠢᠨ ᠵᠢᠯ ᠤᠨ ᠰᠢᠯᠢᠮᠳᠡᠭ ᠤᠨ ᠪᠣᠳᠠᠲᠠᠢ ᠳᠠᠷᠢᠭᠰᠠᠨ ᠲᠠᠯᠠᠪᠠᠶ ᠶᠢ ᠦᠨᠳᠦᠰᠦᠯᠡᠨ᠂ ᠨᠢᠭᠡᠴᠡ ᠶᠢᠨ ᠨᠥᠬᠦᠪᠦᠷᠢ ᠶᠢᠨ ᠪᠠᠷᠢᠮᠵᠢᠶ᠎ᠠ ᠶᠢ ᠲᠣᠭᠲᠠᠭᠠᠨ᠎ᠠ᠃   ︵ᠭᠤᠷᠪᠠ︶ ᠴᠠᠭᠠᠨᠨᠠᠭᠤᠷ ᠤᠨ ᠰᠠᠪᠠ ᠭᠠᠵᠠᠷ ᠤᠨ ᠪᠣᠷᠳᠤᠭ᠎ᠠ ᠪᠠᠭᠠᠰᠬᠠᠨ ᠠᠮᠤ ᠪᠤᠳᠠᠭᠠᠨ ᠤ ᠨᠡᠮᠡᠭᠳᠡᠯ ᠤᠨ ᠨᠥᠬᠦᠪᠦᠷᠢ    ᠪᠣᠷᠳᠤᠭ᠎ᠠ ᠪᠠᠭᠠᠰᠬᠠᠨ ᠠᠮᠤ ᠪᠤᠳᠠᠭ᠎ᠠ ᠶᠢ ᠨᠡᠮᠡᠭᠳᠡᠭᠦᠯᠬᠦ ᠨᠥᠬᠦᠪᠦᠷᠢ ᠶᠢ ᠬᠡᠷᠡᠭᠵᠢᠭᠦᠯᠬᠦ ᠬᠡᠪᠴᠢᠶ᠎ᠡ ᠨᠢ ᠴᠠᠭᠠᠨᠨᠠᠭᠤᠷ ᠤᠨ ᠵᠠᠰᠠᠯᠲᠠ ᠶᠢᠨ ᠲᠥᠯᠦᠪᠵᠢᠭᠦᠯᠭᠡ ᠳᠤ ᠲᠣᠭᠲᠠᠭᠠᠭᠰᠠᠨ ᠵᠠᠰᠠᠯᠲᠠ ᠶᠢᠨ ᠬᠡᠪᠴᠢᠶᠡᠨ ᠳᠤ ᠱᠠᠭᠠᠷᠳᠠᠯᠭ᠎ᠠ ᠶᠣᠰᠣᠭᠠᠷ ︽ᠤᠰᠤ ᠶᠢ ᠭᠠᠩ ᠬᠠᠭᠤᠷᠠᠢ ᠪᠣᠯᠭᠠᠨ ᠥᠭᠡᠷᠡᠴᠢᠯᠡᠬᠦ︾ ᠶᠢ ᠬᠡᠷᠡᠭᠵᠢᠭᠦᠯᠦᠭᠰᠡᠨ ᠬᠡᠰᠡᠭ ᠭᠠᠵᠠᠷ ᠪᠣᠯᠣᠨ᠎ᠠ᠂ ᠡᠭᠦᠨ ᠳᠤ ᠬᠤᠸᠠᠳᠧ ᠰᠢᠶᠠᠨ 9236 ᠮᠦ ᠪᠠᠶᠢᠨ᠎ᠠ᠃ ᠨᠥᠬᠦᠪᠦᠷᠢ ᠣᠯᠭᠤᠬᠤ ᠡᠲᠡᠭᠡᠳ ᠨᠢ 2022 ᠣᠨ ᠳᠤ ᠠᠵᠢᠯ ᠲᠥᠷᠥᠯ ᠤᠨ ᠪᠠᠷᠢᠮᠵᠢᠶ᠎ᠠ ᠳᠤ ᠨᠡᠶᠢᠴᠡᠭᠰᠡᠨ᠂ ᠲᠤᠬᠠᠢ ᠶᠢᠨ ᠭᠠᠵᠠᠷ ᠲᠤ ᠲᠣᠬᠢᠷᠠᠬᠤ ᠰᠢᠨ᠎ᠡ ᠬᠡᠯᠪᠡᠷᠢ ᠶᠢᠨ ᠠᠯᠭᠤᠷ ᠬᠢᠵᠠᠭᠠᠷᠯᠠᠬᠤ ᠪᠣᠷᠳᠣᠭᠤᠷ ᠪᠤᠶᠤ ᠣᠷᠭᠠᠨᠢᠭ ᠪᠣᠷᠳᠣᠭᠤᠷ ᠢ ᠬᠡᠷᠡᠭᠯᠡᠬᠦ ᠵᠡᠷᠭᠡ ᠠᠮᠤ ᠪᠤᠳᠠᠭᠠᠨ ᠤ ᠤᠨᠠᠯᠲᠠ ᠶᠢ ᠲᠣᠭᠲᠠᠪᠤᠷᠢᠵᠢᠭᠤᠯᠤᠨ ᠤᠨᠠᠯᠲᠠ ᠶᠢ ᠨᠡᠮᠡᠭᠳᠡᠭᠦᠯᠬᠦ ᠠᠷᠭ᠎ᠠ ᠬᠡᠮᠵᠢᠶ᠎ᠡ ᠠᠪᠴᠤ᠂ ᠬᠠᠭᠤᠷᠠᠢ ᠲᠠᠷᠢᠶᠠᠨ ᠭᠠᠵᠠᠷ ᠤᠨ ᠪᠣᠷᠳᠤᠭ᠎ᠠ ᠶᠢ ᠪᠠᠭᠠᠰᠬᠠᠨ ᠠᠮᠤ ᠪᠤᠳᠠᠭ᠎ᠠ ᠶᠢ ᠨᠡᠮᠡᠭᠳᠡᠭᠦᠯᠬᠦ ᠶᠢ ᠠᠬᠢᠭᠤᠯᠤᠭᠰᠠᠨ ᠲᠠᠷᠢᠭᠴᠢᠳ ᠪᠣᠯᠣᠨ᠎ᠠ᠃ ᠨᠥᠬᠦᠪᠦᠷᠢ ᠪᠡᠯᠡ ᠮᠥᠩᠭᠦ ᠶᠢ ᠰᠠᠪᠠ ᠭᠠᠵᠠᠷ ᠠᠴᠠ ᠭᠠᠳᠠᠨᠠᠬᠢ ᠲᠠᠷᠢᠶᠠᠨ ᠭᠠᠵᠠᠷ ᠪᠠ ᠰᠠᠪᠠ ᠭᠠᠵᠠᠷ ᠤᠨ ᠳᠣᠲᠣᠷᠠᠬᠢ ᠤᠰᠤᠯᠠᠯᠲᠠ ᠶᠢᠨ ᠲᠠᠷᠢᠶᠠᠨ ᠳᠤ ᠬᠡᠷᠡᠭᠯᠡᠵᠦ ᠪᠣᠯᠬᠤ ᠦᠭᠡᠢ ᠃ ᠨᠥᠬᠦᠪᠦᠷᠢ ᠶᠢᠨ ᠪᠠᠷᠢᠮᠵᠢᠶ᠎ᠠ ᠨᠢ 70 ᠲᠥᠭᠦᠷᠢᠭ\ ᠮᠦ ᠪᠣᠯᠣᠨ᠎ᠠ᠃  ᠳᠥᠷᠪᠡ᠂ ᠪᠠᠲᠤᠯᠠᠭ᠎ᠠ ᠶᠢᠨ ᠠᠷᠭ᠎ᠠ ᠬᠡᠮᠵᠢᠶ᠎ᠡ  ︵ᠨᠢᠭᠡ︶ ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠪᠠᠨ ᠴᠢᠩᠭᠠᠷᠠᠭᠤᠯᠬᠤ ᠬᠡᠷᠡᠭᠲᠡᠢ   ᠡᠯ᠎ᠡ ᠰᠢᠶᠠᠩ ᠪᠠᠯᠭᠠᠰᠤ ᠨᠤᠭᠤᠳ ᠡᠷᠳᠡᠨᠢ ᠰᠢᠰᠢ ᠂ ᠰᠢᠷ᠎ᠠ ᠪᠤᠷᠴᠠᠭ ᠪᠣᠯᠣᠨ ᠲᠥᠮᠥᠰᠥ ᠦᠢᠯᠡᠳᠪᠦᠷᠢᠯᠡᠭᠴᠢᠳ ᠲᠤ ᠣᠯᠭᠤᠬᠤ ᠨᠥᠬᠦᠪᠦᠷᠢ ᠪᠣᠯᠣᠨ ︽ᠰᠢᠨ᠎ᠡ ᠪᠠᠷ ᠨᠡᠮᠡᠭᠳᠡᠭᠰᠡᠨ 2 ᠵᠦᠢᠯ ᠤᠨ ᠨᠥᠬᠦᠪᠦᠷᠢ︾ ᠶᠢᠨ ᠴᠢᠬᠤᠯᠠ ᠶᠡᠭᠡ ᠠᠴᠢ ᠬᠤᠯᠪᠣᠭᠳᠠᠯ ᠢ ᠭᠦᠢᠴᠡᠳ ᠲᠠᠨᠢᠵᠤ ᠂ ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠪᠠᠨ ᠦᠨᠡᠨᠬᠦ ᠴᠢᠩᠭᠠᠳᠬᠠᠨ ᠂ ᠠᠵᠢᠯ ᠤᠨ ᠠᠷᠭ᠎ᠠ ᠬᠡᠮᠵᠢᠶ᠎ᠡ ᠪᠠᠨ ᠴᠢᠩᠭᠠᠷᠠᠭᠤᠯᠬᠤ ᠬᠡᠷᠡᠭᠲᠡᠢ ᠃ ᠰᠠᠯᠠᠭ᠎ᠠ ᠮᠥᠴᠢᠷ ᠤᠨ ᠬᠠᠮᠵᠢᠯᠴᠠᠬᠤ ᠲᠣᠭᠲᠠᠴᠠ ᠶᠢ ᠪᠠᠶᠢᠭᠤᠯᠵᠤ᠂ ᠬᠤᠸᠠᠳᠧ ᠰᠢᠶᠠᠨ ᠤ 2022 ᠣᠨ ᠤ ᠡᠷᠳᠡᠨᠢ ᠰᠢᠰᠢ᠂ ᠰᠢᠷ᠎ᠠ ᠪᠤᠷᠴᠠᠭ ᠪᠠ ᠲᠥᠮᠥᠰᠥ ᠦᠢᠯᠡᠳᠪᠦᠷᠢᠯᠡᠭᠴᠢ ᠳᠤ ᠨᠥᠬᠦᠪᠦᠷᠢ ᠥᠭᠬᠦ ᠠᠵᠢᠯ ᠤᠨ ᠤᠳᠤᠷᠢᠳᠬᠤ ᠳᠤᠭᠤᠶᠢᠯᠠᠩ ᠢ ᠪᠠᠶᠢᠭᠤᠯᠵᠤ᠂ ᠰᠠᠯᠠᠭ᠎ᠠ ᠮᠥᠴᠢᠷ ᠤᠨ ᠬᠠᠷᠢᠭᠤᠴᠠᠯᠭ᠎ᠠ ᠶᠢᠨ ᠠᠵᠢᠯ ᠤᠨ ᠬᠤᠪᠢᠶᠠᠷᠢᠯᠠᠯ ᠢ ᠲᠣᠳᠣᠷᠬᠠᠶᠢᠯᠠᠨ᠎ᠠ᠃ ᠰᠢᠶᠠᠨ ᠤ ᠬᠥᠭᠵᠢᠭᠦᠯᠦᠯᠲᠡ ᠥᠭᠡᠷᠡᠴᠢᠯᠡᠯᠲᠡ ᠶᠢᠨ  ᠵᠦᠪᠯᠡᠯ  ᠨᠢ ᠲᠥᠷᠥ ᠶᠢᠨ ᠪᠣᠳᠣᠯᠭ᠎ᠠ ᠶᠢᠨ ᠤᠬᠠᠭᠤᠯᠭ᠎ᠠ ᠶᠢ ᠰᠠᠶᠢᠲᠤᠷ ᠬᠢᠬᠦ᠂ ᠣᠯᠠᠨ ᠡᠰᠢᠴᠢᠯᠡᠭᠰᠡᠨ ᠵᠠᠬ᠎ᠠ ᠳᠡᠯᠭᠡᠭᠦᠷ ᠤᠨ ᠪᠡᠶᠡᠴᠢ ᠴᠣᠭᠴᠠ ᠶᠢ ᠬᠥᠲᠥᠯᠥᠨ ᠵᠢᠯᠤᠭᠤᠳᠴᠤ ᠪᠠᠶᠢᠭᠠᠳ ᠢᠳᠡᠪᠬᠢᠲᠡᠢ ᠪᠠᠷ ᠵᠠᠬ᠎ᠠ ᠳᠡᠯᠭᠡᠭᠦᠷ ᠲᠤ ᠣᠷᠣᠵᠤ ᠡᠷᠳᠡᠨᠢ ᠰᠢᠰᠢ ᠬᠤᠳᠠᠯᠳᠤᠨ ᠠᠪᠤᠭᠤᠯᠬᠤ ᠵᠡᠷᠭᠡ ᠠᠵᠢᠯ ᠢ ᠰᠠᠶᠢᠲᠤᠷ ᠬᠢᠵᠦ᠂ ︽ᠮᠠᠭᠤ ᠠᠮᠤ︾ ᠪᠠ ︽ᠠᠮᠤ ᠪᠤᠳᠠᠭ᠎ᠠ ᠬᠤᠳᠠᠯᠳᠤᠬᠤ ᠳᠤ ᠬᠦᠴᠢᠷ︾ ᠭᠠᠷᠬᠤ ᠶᠢ ᠰᠡᠷᠭᠡᠶᠢᠯᠡᠬᠦ ᠶᠢ ᠬᠠᠷᠢᠭᠤᠴᠠᠨ᠎ᠠ᠃ ᠰᠢᠶᠠᠨ ᠤ ᠲᠠᠷᠢᠶᠠᠯᠠᠩ ᠤᠨ ᠰᠢᠨᠵᠢᠯᠡᠬᠦ ᠤᠬᠠᠭᠠᠨ ᠮᠡᠷᠭᠡᠵᠢᠯ ᠤᠨ ᠲᠣᠪᠴᠢᠶ᠎ᠠ ᠠᠴᠠ ᠰᠢᠨ᠎ᠡ ᠪᠠᠷ ᠨᠡᠮᠡᠭᠳᠡᠭᠰᠡᠨ ᠰᠢᠯᠢᠮᠳᠡᠭ ᠤᠨ ᠦᠢᠯᠡᠳᠪᠦᠷᠢᠯᠡᠭᠴᠢᠳ ᠲᠤ ᠨᠥᠬᠦᠪᠦᠷᠢ ᠥᠭᠬᠦ ᠬᠦᠷᠢᠶ᠎ᠡ ᠬᠡᠪᠴᠢᠶ᠎ᠡ ᠂ ᠪᠠᠷᠢᠮᠵᠢᠶ᠎ᠠ ᠵᠡᠷᠭᠡ ᠪᠠᠶᠢᠳᠠᠯ ᠂ ᠴᠠᠭᠠᠨᠨᠠᠭᠤᠷ ᠤᠨ ᠰᠠᠪᠠ ᠭᠠᠵᠠᠷ ᠤᠨ ᠪᠣᠷᠳᠤᠭ᠎ᠠ ᠪᠠᠭᠠᠰᠬᠠᠵᠤ ᠦᠷ᠎ᠡ ᠠᠰᠢᠭ ᠢ ᠨᠡᠮᠡᠭᠳᠡᠭᠦᠯᠬᠦ ᠲᠠᠷᠬᠠᠭᠠᠯᠲᠠ ᠶᠢᠨ ᠬᠦᠷᠢᠶ᠎ᠡ ᠬᠡᠪᠴᠢᠶ᠎ᠡ ᠂ ᠪᠠᠷᠢᠮᠵᠢᠶ᠎ᠠ ᠵᠡᠷᠭᠡ ᠪᠠᠶᠢᠳᠠᠯ ᠢ ᠬᠠᠩᠭᠠᠬᠤ ᠶᠢ ᠬᠠᠷᠢᠭᠤᠴᠠᠨ᠎ᠠ ᠃ ᠰᠢᠶᠠᠨ ᠤ ᠡᠳ᠋ ᠤᠨ ᠵᠠᠰᠠᠭ ᠤᠨ ᠲᠣᠪᠴᠢᠶ᠎ᠠ ᠠᠴᠠ ᠲᠠᠷᠢᠶᠠᠯᠠᠩ ᠤᠨ ᠰᠢᠨᠵᠢᠯᠡᠬᠦ ᠤᠬᠠᠭᠠᠨ ᠤ ᠲᠣᠪᠴᠢᠶ᠎ᠠ ᠶᠢᠨ ᠬᠤᠪᠢᠶᠠᠷᠢᠯᠠᠭᠰᠠᠨ ᠰᠠᠨᠠᠯ ᠪᠠ ᠮᠠᠭᠠᠳᠯᠠᠨ ᠲᠣᠭᠲᠠᠭᠠᠭᠰᠠᠨ ᠪᠠᠶᠢᠳᠠᠯ ᠢ ᠦᠨᠳᠦᠰᠦᠯᠡᠨ ᠂ ᠨᠥᠬᠦᠪᠦᠷᠢ ᠪᠡᠯᠡ ᠮᠥᠩᠭᠦ ᠶᠢ ᠰᠢᠯᠵᠢᠭᠦᠯᠦᠨ ᠥᠭᠬᠦ ᠪᠠ ᠲᠠᠷᠬᠠᠭᠠᠬᠤ ᠵᠡᠷᠭᠡ ᠠᠵᠢᠯ ᠢ ᠬᠠᠷᠢᠭᠤᠴᠠᠨ ᠬᠢᠨ᠎ᠡ ᠃ ᠰᠢᠶᠠᠨ ᠤ ᠲᠠᠷᠢᠶᠠᠯᠠᠩ ᠤᠨ ᠰᠢᠨᠵᠢᠯᠡᠬᠦ ᠤᠬᠠᠭᠠᠨ ᠮᠡᠷᠭᠡᠵᠢᠯ ᠤᠨ ᠲᠣᠪᠴᠢᠶ᠎ᠠ ᠨᠢ ᠡᠳ᠋ ᠤᠨ ᠵᠠᠰᠠᠭ ᠤᠨ ᠲᠣᠪᠴᠢᠶ᠎ᠠ ᠂ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ ᠵᠢᠴᠢ ᠡᠯ᠎ᠡ ᠰᠢᠶᠠᠩ ᠪᠠᠯᠭᠠᠰᠤ ᠲᠠᠢ ᠬᠠᠮᠲᠤᠷᠠᠵᠤ ᠂ ᠡᠷᠳᠡᠨᠢ ᠰᠢᠰᠢ ᠂ ᠰᠢᠷ᠎ᠠ ᠪᠤᠷᠴᠠᠭ ᠂ ᠲᠥᠮᠥᠰᠥ ᠦᠢᠯᠡᠳᠪᠦᠷᠢᠯᠡᠭᠴᠢᠳ ᠲᠤ ᠨᠥᠬᠦᠪᠦᠷᠢ ᠥᠭᠬᠦ ᠪᠠ ︽ᠰᠢᠨ᠎ᠡ ᠪᠠᠷ ᠨᠡᠮᠡᠭᠳᠡᠭᠰᠡᠨ 2 ᠵᠦᠢᠯ ᠤᠨ ᠨᠥᠬᠦᠪᠦᠷᠢ︾  ᠶᠢᠨ ᠠᠵᠢᠯ ᠢ ᠰᠠᠶᠢᠲᠤᠷ ᠬᠢᠵᠦ ᠂ 2022 ᠣᠨ ᠤ ᠦᠢᠯᠡᠳᠪᠦᠷᠢᠯᠡᠭᠴᠢᠳ ᠲᠤ ᠨᠥᠬᠦᠪᠦᠷᠢ ᠥᠭᠬᠦ ᠪᠡᠯᠡ ᠮᠥᠩᠭᠦ ᠶᠢ ᠲᠣᠭᠲᠠᠭᠰᠠᠨ ᠬᠤᠭᠤᠴᠠᠭᠠᠨ ᠳᠣᠲᠣᠷ᠎ᠠ ᠦᠢᠯᠡᠳᠪᠦᠷᠢᠯᠡᠭᠴᠢᠳ ᠤᠨ ᠭᠠᠷ ᠲᠤ ᠴᠠᠭ ᠲᠤᠬᠠᠢ  ᠳᠤᠨᠢ ᠭᠦᠢᠴᠡᠳ ᠲᠤᠭ᠎ᠠ ᠪᠠᠷ ᠣᠯᠭᠤᠬᠤ ᠶᠢ ᠪᠠᠲᠤᠯᠠᠨ᠎ᠠ ᠃   ᠳᠤᠭᠤᠶᠢᠯᠠᠩ ᠤᠨ ᠳᠠᠷᠤᠭ᠎ᠠ ᠄ ᠰᠢᠶᠣᠣ ᠵᠧᠨ ᠢᠦᠢ   ᠰᠢᠶᠠᠨ ᠤ ᠠᠷᠠᠳ ᠤᠨ ᠵᠠᠰᠠᠭ ᠤᠨ ᠣᠷᠳᠣᠨ ᠤ ᠰᠢᠶᠠᠨ ᠤ ᠳᠡᠳ᠋ ᠳᠠᠷᠤᠭ᠎ᠠ   ᠳᠡᠳ᠋ ᠳᠤᠭᠤᠶᠢᠯᠠᠩ ᠤᠨ ᠳᠠᠷᠤᠭ᠎ᠠ᠄ ᠸᠠᠩ ᠵᠧᠩ   ᠰᠢᠶᠠᠨ ᠤ ᠡᠳ᠋ ᠤᠨ ᠵᠠᠰᠠᠭ ᠤᠨ ᠲᠣᠪᠴᠢᠶᠠᠨ ᠤ ᠳᠠᠷᠤᠭ᠎ᠠ   ᠯᠢ ᠰᠢᠶᠣᠣ ᠹᠧᠩ   ᠰᠢᠶᠠᠨ ᠤ ᠲᠠᠷᠢᠶᠠᠯᠠᠩ ᠮᠠᠯ ᠠᠵᠤ ᠠᠬᠤᠢ ᠪᠠ ᠰᠢᠨᠵᠢᠯᠡᠬᠦ ᠤᠬᠠᠭᠠᠨ ᠮᠡᠷᠭᠡᠵᠢᠯ ᠤᠨ ᠲᠣᠪᠴᠢᠶᠠᠨ ᠤ ᠳᠠᠷᠤᠭ᠎ᠠ   ᠭᠦᠸᠧ ᠭᠤᠸᠠᠩ ᠪᠢᠩ   ᠰᠢᠶᠠᠨ ᠤ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ ᠤᠨ ᠡᠷᠬᠢᠯᠡᠭᠴᠢ   ᠯᠢᠦᠢ ᠰᠢᠶᠠᠩ ᠢᠦᠢ   ᠰᠢᠶᠠᠨ ᠤ ᠵᠠᠰᠠᠭ ᠤᠨ ᠣᠷᠳᠣᠨ ᠤ ᠠᠯᠪᠠᠨ ᠭᠡᠷ ᠤᠨ ᠳᠡᠳ᠋ ᠡᠷᠬᠢᠯᠡᠭᠴᠢ   ᠭᠡᠰᠢᠭᠦᠨ᠄ ᠵᠠᠩ ᠱᠢ ᠶᠢᠩ   ᠰᠢᠶᠠᠨ ᠤ ᠲᠤᠭ᠎ᠠ ᠪᠦᠷᠢᠳᠬᠡᠯ ᠤᠨ ᠲᠣᠪᠴᠢᠶᠠᠨ ᠤ ᠳᠠᠷᠤᠭ᠎ᠠ   ᠵᠠᠩ ᠱᠢ ᠶᠠᠩ   ᠰᠢᠶᠠᠨ ᠤ ᠬᠢᠨᠠᠨ ᠪᠠᠶᠢᠴᠠᠭᠠᠬᠤ ᠵᠥᠪᠯᠡᠯ ᠤᠨ ᠭᠡᠰᠢᠭᠦᠨ   ᠪᠠᠢ ᠰᠢᠦᠢ ᠳ᠋ᠦᠩ   ᠰᠢᠶᠠᠨ ᠤ ᠬᠢᠨᠠᠨ ᠪᠣᠳᠣᠬᠤ ᠲᠣᠪᠴᠢᠶᠠᠨ ᠤ ᠳᠠᠷᠤᠭ᠎ᠠ   ᠯᠢᠦ ᠵᠢᠶᠠᠩ ᠾᠦᠩ   ᠳᠤᠮᠳᠠᠳᠤ ᠤᠯᠤᠰ ᠤᠨ ᠲᠠᠷᠢᠶᠠᠯᠠᠩ ᠤᠨ ᠬᠥᠭᠵᠢᠭᠦᠯᠦᠯᠲᠡ ᠶᠢᠨ ᠪᠠᠩᠬᠢ ᠶᠢᠨ ᠬᠤᠸᠠᠳᠧ ᠰᠢᠶᠠᠨ ᠤ ᠰᠠᠯᠪᠤᠷᠢ ᠪᠠᠩᠬᠢ ᠶᠢᠨ ᠳᠠᠷᠤᠭ᠎ᠠ   ᠬᠤᠸᠠᠩ ᡁᠢ ᠶᠦᠩ   ᠰᠢᠶᠠᠨ ᠤ ᠲᠠᠷᠢᠶᠠᠯᠠᠩ ᠮᠠᠯ ᠠᠵᠤ ᠠᠬᠤᠢ ᠪᠠ ᠰᠢᠨᠵᠢᠯᠡᠬᠦ ᠤᠬᠠᠭᠠᠨ ᠮᠡᠷᠭᠡᠵᠢᠯ ᠤᠨ ᠲᠣᠪᠴᠢᠶᠠᠨ ᠤ ᠳᠡᠳ᠋ ᠳᠠᠷᠤᠭ᠎ᠠ   ᠯᠢ ᠳ᠋ᠦᠩ     ᠴᠠᠩᠱᠦ᠋ᠨ ᠪᠠᠯᠭᠠᠰᠤᠨ ᠤ ᠳᠠᠷᠤᠭ᠎ᠠ   ᠼᠤᠤ ᠵᠢᠶᠦ᠋ᠨ   ᠴᠣᠣᠶᠠᠩ ᠪᠠᠯᠭᠠᠰᠤᠨ ᠤ ᠳᠠᠷᠤᠭ᠎ᠠ   ᠵᠠᠩ ᠭᠥᠸᠧ ᠰᠢᠨ   ᠳᠣᠯᠣᠳᠤᠭᠠᠷ ᠪᠠᠯᠭᠠᠰᠤᠨ ᠤ ᠳᠠᠷᠤᠭ᠎ᠠ   ᠶᠠᠩ ᠴᠢᠩ ᠹᠧᠩ   ᠪᠠᠶᠠᠨᠲᠠᠯ᠎ᠠ ᠰᠢᠶᠠᠩ ᠤᠨ ᠳᠠᠷᠤᠭ᠎ᠠ   ᠢᠦᠢ ᠫᠢᠩ    ᠳᠡᠪᠡᠭᠡᠲᠦ ᠰᠢᠶᠠᠩ ᠤᠨ ᠳᠠᠷᠤᠭ᠎ᠠ   ᠬᠤᠸᠠᠩ ᠰᠢᠶᠣᠣ ᠪᠥᠸᠧ    ᠭᠦᠨᠤᠯᠠᠭᠠᠨᠬᠤᠳᠳᠤᠭ ᠰᠢᠶᠠᠩ ᠤᠨ ᠳᠠᠷᠤᠭ᠎ᠠ   ︵ᠬᠤᠶᠠᠷ︶ ᠨᠥᠬᠦᠪᠦᠷᠢ ᠥᠭᠬᠦ ᠲᠠᠯᠠᠪᠠᠢ ᠂ ᠪᠡᠯᠡ ᠮᠥᠩᠭᠦ ᠶᠢ ᠢᠯᠡ ᠨᠡᠶᠢᠲᠡᠯᠡᠬᠦ ᠪᠠ ᠮᠡᠳᠡᠭᠡ ᠵᠠᠩᠭᠢ ᠶᠢᠨ ᠲᠠᠩᠰᠠ ᠡᠪᠬᠡᠮᠡᠯ ᠤᠨ ᠬᠠᠮᠢᠶᠠᠷᠤᠯᠲᠠ ᠶᠢᠨ ᠳᠦᠷᠢᠮ ᠢ ᠪᠠᠶᠢᠭᠤᠯᠬᠤ ᠬᠡᠷᠡᠭᠲᠡᠢ   ᠡᠯ᠎ᠡ ᠰᠢᠶᠠᠩ ᠪᠠᠯᠭᠠᠰᠤ ᠵᠢᠴᠢ ᠬᠠᠮᠢᠶ᠎ᠠ ᠪᠦᠬᠦᠢ ᠰᠠᠯᠠᠭ᠎ᠠ ᠮᠥᠴᠢᠷ ᠤᠳ 2022 ᠣᠨ ᠤ ᠨᠥᠬᠦᠪᠦᠷᠢ ᠶᠢᠨ ᠲᠠᠯᠠᠪᠠᠶ ᠶᠢ ᠬᠢᠨᠠᠨ ᠬᠠᠷᠭᠤᠭᠤᠯᠬᠤ ᠪᠠ ᠪᠡᠯᠡ ᠮᠥᠩᠭᠦ ᠲᠠᠷᠬᠠᠭᠠᠬᠤ ᠵᠡᠷᠭᠡ ᠠᠵᠢᠯ ᠢ ᠬᠢᠨᠠᠮᠠᠭᠠᠢ ᠰᠠᠶᠢᠲᠤᠷ ᠬᠢᠬᠦ ᠬᠡᠷᠡᠭᠲᠡᠢ᠃ ᠲᠠᠯᠠᠪᠠᠶ ᠶᠢ ᠬᠢᠨᠠᠨ ᠬᠠᠷᠭᠤᠭᠤᠯᠬᠤ ᠳᠤ ᠡᠷᠬᠡᠪᠰᠢ ᠳᠣᠣᠷᠠᠬᠢ ᠲᠠᠰ ᠳᠠᠷᠠᠭᠠᠯᠠᠯ ᠢᠶᠠᠷ ᠶᠠᠪᠤᠭᠳᠠᠭᠤᠯᠬᠤ ᠬᠡᠷᠡᠭᠲᠡᠢ᠄   1.ᠡᠩ ᠲᠡᠷᠢᠭᠦᠨ ᠳᠤ ᠲᠠᠷᠢᠮᠠᠯ ᠤᠨ ᠡᠷᠦᠬᠡ ᠴᠠᠭ ᠲᠤᠬᠠᠢ ᠳᠤᠨᠢ ᠲᠣᠰᠬᠤᠨ ᠤ ᠠᠷᠠᠳ ᠤᠨ ᠵᠥᠪᠯᠡᠯ ᠳᠤ ᠮᠡᠳᠡᠭᠦᠯᠦᠨ᠎ᠡ ︔  ᠲᠣᠰᠬᠤᠨ ᠤ ᠠᠷᠠᠳ ᠤᠨ ᠵᠥᠪᠯᠡᠯ ᠬᠢᠨᠠᠨ ᠪᠠᠶᠢᠴᠠᠭᠠᠵᠤ ᠂ ᠳᠡᠪᠲᠡᠷᠯᠡᠵᠦ ᠂ ᠵᠠᠷᠯᠠᠨ ᠨᠡᠶᠢᠲᠡᠯᠡᠨ᠎ᠡ ︔ ᠢᠯᠡ ᠨᠡᠶᠢᠲᠡᠯᠡᠭᠰᠡᠨ ᠤ ᠳᠠᠷᠠᠭ᠎ᠠ ᠰᠢᠶᠠᠩ ᠪᠠᠯᠭᠠᠰᠤᠨ ᠳᠤ ᠮᠡᠳᠡᠭᠦᠯᠬᠦ ᠬᠡᠷᠡᠭᠲᠡᠢ ᠃   2. ᠰᠢᠶᠠᠩ ᠪᠠᠯᠭᠠᠰᠤᠨ ᠤ ᠵᠠᠰᠠᠭ ᠤᠨ ᠣᠷᠳᠣᠨ ᠨᠢ ᠲᠣᠰᠬᠤᠨ ᠤ ᠠᠷᠠᠳ ᠤᠨ ᠵᠥᠪᠯᠡᠯ ᠤᠨ ᠳᠡᠭᠡᠭᠰᠢ ᠮᠡᠳᠡᠭᠦᠯᠦᠭᠰᠡᠨ ᠲᠠᠷᠢᠮᠠᠯ ᠤᠨ ᠲᠠᠯᠠᠪᠠᠢ ᠶᠢᠨ ᠨᠡᠷᠡᠰ ᠤᠨ ᠪᠦᠷᠢᠳᠬᠡᠯ ᠢ ᠣᠯᠣᠭᠰᠠᠨ ᠤ ᠳᠠᠷᠠᠭ᠎ᠠ ᠂ ᠳᠣᠷᠣᠭᠰᠢ ᠲᠣᠮᠢᠯᠠᠨ ᠰᠠᠭᠤᠯᠭᠠᠭᠰᠠᠨ ᠲᠣᠰᠬᠤᠨ ᠤ ᠠᠵᠢᠯᠯᠠᠬᠤ ᠠᠩᠭᠢ ᠪᠠᠷ ᠳᠠᠮᠵᠢᠭᠤᠯᠤᠨ ᠂ ᠲᠣᠰᠬᠤᠨ ᠤ ᠺᠠᠳ᠋ᠷ ᠂ ᠲᠣᠰᠬᠤᠨ ᠤ ᠠᠷᠠᠳ ᠤᠨ ᠳᠤᠭᠤᠶᠢᠯᠠᠩ ᠤᠨ ᠳᠠᠷᠤᠭ᠎ᠠ ᠶᠢ ᠵᠣᠬᠢᠶᠠᠨ ᠪᠠᠶᠢᠭᠤᠯᠵᠤ ᠲᠠᠷᠢᠮᠠᠯ ᠤᠨ ᠡᠷᠦᠬᠡ ᠳᠤ ᠭᠦᠨᠵᠡᠭᠡᠶᠢᠷᠡᠨ ᠲᠠᠷᠢᠮᠠᠯ ᠤᠨ ᠲᠠᠯᠠᠪᠠᠢ ᠪᠠ ᠴᠢᠬᠢ ᠶᠢᠨ ᠪᠠᠶᠢᠳᠠᠯ ᠢ ᠬᠢᠨᠠᠨ ᠪᠠᠶᠢᠴᠠᠭᠠᠬᠤ ᠠᠵᠢᠯ ᠢ ᠪᠣᠳᠠᠲᠠᠢ ᠭᠠᠵᠠᠷ ᠲᠤᠨᠢ ᠬᠢᠬᠦ ᠬᠡᠷᠡᠭᠲᠡᠢ ᠃ ᠬᠢᠨᠠᠨ ᠬᠠᠷᠭᠤᠭᠤᠯᠤᠭᠠᠳ ᠠᠯᠳᠠᠭ᠎ᠠ ᠦᠭᠡᠢ ᠪᠣᠯ ᠤᠯᠠᠨ ᠳᠤ ᠵᠠᠷᠯᠠᠨ᠎ᠠ ᠃ ᠡᠭᠦᠨ ᠤ ᠬᠠᠮᠲᠤ ᠪᠦᠬᠦ ᠰᠢᠶᠠᠩ ᠪᠠᠯᠭᠠᠰᠤᠨ ᠤ ᠲᠠᠷᠢᠮᠠᠯ ᠤᠨ ᠨᠡᠷᠡᠰ ᠤᠨ ᠪᠦᠷᠢᠳᠬᠡᠯ ᠢ ᠬᠤᠷᠢᠶᠠᠩᠭᠤᠶᠢᠯᠠᠭᠠᠳ ᠰᠢᠶᠠᠨ ᠤ ᠲᠠᠷᠢᠶᠠᠯᠠᠩ ᠤᠨ ᠰᠢᠨᠵᠢᠯᠡᠬᠦ ᠤᠬᠠᠭᠠᠨ ᠤ ᠲᠣᠪᠴᠢᠶ᠎ᠠ ᠂ ᠡᠳ᠋ ᠤᠨ ᠵᠠᠰᠠᠭ ᠤᠨ ᠲᠣᠪᠴᠢᠶ᠎ᠠ ᠪᠠ ᠲᠤᠭ᠎ᠠ ᠪᠦᠷᠢᠳᠬᠡᠯ ᠤᠨ ᠲᠣᠪᠴᠢᠶᠠᠨ ᠳᠤ ᠮᠡᠳᠡᠭᠦᠯᠦᠨ᠎ᠡ᠃   3.ᠰᠢᠶᠠᠨ ᠤ ᠲᠠᠷᠢᠶᠠᠯᠠᠩ ᠤᠨ ᠰᠢᠨᠵᠢᠯᠡᠬᠦ ᠤᠬᠠᠭᠠᠨ ᠤ ᠲᠣᠪᠴᠢᠶ᠎ᠠ ᠪᠠ ᠲᠤᠭ᠎ᠠ ᠪᠦᠷᠢᠳᠬᠡᠯ ᠤᠨ ᠲᠣᠪᠴᠢᠶ᠎ᠠ ᠰᠢᠶᠠᠩ ᠪᠠᠯᠭᠠᠰᠤᠨ ᠤ ᠳᠡᠭᠡᠭᠰᠢ ᠮᠡᠳᠡᠭᠦᠯᠦᠭᠰᠡᠨ ᠨᠡᠷ᠎ᠡ ᠶᠢᠨ ᠪᠦᠷᠢᠳᠬᠡᠯ ᠤᠨ ᠳᠡᠪᠲᠡᠷ ᠢ ᠣᠯᠣᠭᠰᠠᠨ ᠤ ᠲᠠᠷᠠᠭ᠎ᠠ ᠂ ᠬᠤᠯᠪᠣᠭᠳᠠᠯ ᠪᠦᠬᠦᠢ ᠰᠠᠯᠠᠭ᠎ᠠ ᠮᠥᠴᠢᠷ ᠢ ᠵᠣᠬᠢᠶᠠᠨ ᠪᠠᠶᠢᠭᠤᠯᠤᠨ ᠡᠷᠦᠭᠡ ᠳᠤ ᠬᠦᠷᠴᠦ ᠰᠣᠩᠭᠤᠨ ᠪᠠᠶᠢᠴᠠᠭᠠᠬᠤ ᠪᠠ ᠭᠠᠵᠠᠷ ᠰᠢᠷᠣᠢ ᠶᠢ ᠬᠢᠨᠠᠨ ᠬᠠᠷᠭᠤᠭᠤᠯᠬᠤ ᠠᠵᠢᠯ ᠢ ᠥᠷᠨᠢᠭᠦᠯᠵᠦ ᠂ ᠬᠢᠨᠠᠨ ᠪᠠᠶᠢᠴᠠᠭᠠᠭᠠᠳ ᠡ᠊ᠨᠳᠡᠭᠦᠦ ᠪᠤᠷᠤᠭᠤ ᠦᠭᠡᠢ ᠪᠣᠯᠤᠭᠰᠠᠨ ᠤ ᠲᠠᠷᠠᠭ᠎ᠠ ᠂ ᠬᠢᠨᠠᠨ ᠪᠠᠶᠢᠴᠠᠭᠠᠭᠰᠠᠨ ᠲᠠᠯᠠᠪᠠᠢ ᠂ ᠲᠠᠷᠢᠮᠠᠯ ᠤᠨ ᠲᠦᠷᠦᠯ ᠵᠦᠢᠯ ᠢ ᠠᠶᠢᠯ ᠲᠣᠰᠬᠤᠨ ᠳᠤ ᠵᠠᠷᠯᠠᠨ ᠨᠡᠶᠢᠲᠡᠯᠡᠨ᠎ᠡ ᠃ ᠵᠠᠷᠯᠠᠨ ᠨᠡᠶᠢᠲᠡᠯᠡᠭᠰᠡᠨ ᠤ ᠳᠠᠷᠠᠭᠠᠬᠢ ᠲᠠᠯᠠᠪᠠᠶ ᠶᠢ ᠰᠢᠶᠠᠨ ᠤ ᠵᠠᠰᠠᠭ ᠤᠨ ᠣᠷᠳᠣᠨ ᠠᠴᠠ ᠮᠠᠭᠠᠳᠯᠠᠨ ᠲᠣᠭᠲᠠᠭᠠᠭᠰᠠᠨ ᠤ ᠳᠠᠷᠠᠭ᠎ᠠ ᠳᠡᠭᠡᠭᠰᠢ ᠬᠤᠲᠠ ᠶᠢᠨ ᠡᠳ᠋ ᠤᠨ ᠵᠠᠰᠠᠭ ᠤᠨ ᠲᠣᠪᠴᠢᠶ᠎ᠠ᠂ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ ᠪᠠ ᠲᠤᠭ᠎ᠠ ᠪᠦᠷᠢᠳᠬᠡᠯ ᠤᠨ ᠲᠣᠪᠴᠢᠶ᠎ᠠ ᠳᠤ ᠮᠡᠳᠡᠭᠦᠯᠦᠨ᠎ᠡ᠃   4. ᠬᠤᠳᠠ ᠶᠢᠨ ᠡᠳ᠋ ᠤᠨ ᠵᠠᠰᠠᠭ ᠤᠨ ᠲᠣᠪᠴᠢᠶ᠎ᠠ ᠂ ᠲᠠᠷᠢᠶᠠᠯᠠᠩ ᠮᠠᠯ ᠠᠵᠤ ᠠᠬᠤᠢ ᠂ ᠲᠤᠭ᠎ᠠ ᠪᠦᠷᠢᠳᠬᠡᠯ ᠵᠡᠷᠭᠡ ᠰᠠᠯᠠᠭ᠎ᠠ ᠮᠥᠴᠢᠷ ᠤᠳ ᠬᠢᠨᠠᠨ ᠬᠠᠷᠭᠤᠭᠤᠯᠵᠤ ᠬᠤᠷᠢᠶᠠᠩᠭᠤᠶᠢᠯᠠᠭᠠᠳ ᠬᠤᠰᠢᠭᠤ ᠰᠢᠶᠠᠨ ᠬᠤᠳᠠ ᠲᠣᠭᠤᠷᠢᠭ ᠤᠨ ᠳᠡᠭᠡᠭᠰᠢ ᠮᠡᠳᠡᠭᠦᠯᠦᠭᠰᠡᠨ ᠨᠥᠬᠦᠪᠦᠷᠢ ᠶᠢᠨ ᠲᠠᠯᠠᠪᠠᠢ ᠪᠣᠯᠣᠨ ᠥᠪᠡᠷᠲᠡᠭᠡᠨ ᠵᠠᠰᠠᠬᠤ ᠣᠷᠣᠨ ᠤ ᠪᠠᠭᠤᠯᠭᠠᠭᠰᠠᠨ ᠪᠡᠯᠡ ᠮᠥᠩᠭᠦ ᠶᠢᠨ ᠶᠡᠷᠦᠩᠬᠡᠢ ᠬᠡᠮᠵᠢᠶ᠎ᠡ ᠶᠢ ᠦᠨᠳᠦᠰᠦᠯᠡᠨ ᠨᠥᠬᠦᠪᠦᠷᠢ ᠶᠢᠨ ᠪᠠᠷᠢᠮᠵᠢᠶ᠎ᠠ ᠶᠢ ᠲᠣᠭᠲᠠᠭᠠᠬᠤ ᠶᠢᠨ ᠬᠠᠮᠲᠤ ᠬᠤᠳᠠ ᠶᠢᠨ ᠵᠠᠰᠠᠭ ᠤᠨ ᠣᠷᠳᠣᠨ ᠳᠤ ᠮᠡᠳᠡᠭᠦᠯᠵᠦ ᠵᠥᠪᠰᠢᠶᠡᠷᠡᠭᠦᠯᠦᠭᠰᠡᠨ ᠤ ᠲᠠᠷᠠᠭ᠎ᠠ ᠪᠡᠯᠡ ᠮᠥᠩᠭᠦ ᠪᠠᠭᠤᠯᠭᠠᠨ᠎ᠠ ᠃   5.ᠰᠢᠶᠠᠨ ᠤ ᠡᠳ᠋ ᠤᠨ ᠵᠠᠰᠠᠭ ᠤᠨ ᠰᠠᠯᠠᠭ᠎ᠠ ᠮᠥᠴᠢᠷ ᠨᠢ ᠬᠤᠳᠠ ᠶᠢᠨ ᠡᠳ᠋ ᠤᠨ ᠵᠠᠰᠠᠭ ᠤᠨ ᠰᠠᠯᠭᠠᠨ ᠥᠭᠭᠦᠭᠰᠡᠨ ᠨᠥᠬᠦᠪᠦᠷᠢ ᠪᠡᠯᠡ ᠮᠥᠩᠭᠦ ᠶᠢ ᠣᠯᠣᠭᠰᠠᠨ ᠤ ᠲᠠᠷᠠᠭ᠎ᠠ ᠂ ᠰᠢᠶᠠᠩ ᠪᠠᠯᠭᠠᠰᠤᠨ ᠤ ᠠᠷᠠᠳ ᠤᠨ ᠵᠠᠰᠠᠭ ᠤᠨ ᠣᠷᠳᠣᠨ ᠠᠴᠠ ᠨᠥᠬᠦᠪᠦᠷᠢ ᠶᠢᠨ ᠪᠠᠷᠢᠮᠵᠢᠶ᠎ᠠ ᠪᠠ ᠲᠠᠷᠢᠮᠠᠯ ᠤᠨ ᠨᠡᠷᠡᠰ ᠤᠨ ᠪᠦᠷᠢᠳᠬᠡᠯ ᠢ ᠦᠨᠳᠦᠰᠦᠯᠡᠨ ᠨᠥᠬᠦᠪᠦᠷᠢ ᠶᠢᠨ ᠨᠡᠷᠡᠰ ᠤᠨ ᠪᠦᠷᠢᠳᠬᠡᠯ ᠢ ᠨᠠᠶᠢᠷᠠᠭᠤᠯᠤᠨ ᠵᠣᠬᠢᠶᠠᠵᠤ ᠂ ᠨᠥᠬᠦᠪᠦᠷᠢ ᠶᠢᠨ ᠮᠡᠳᠡᠭᠡ ᠵᠠᠩᠭᠢ ᠶᠢ ᠠᠶᠢᠯ ᠲᠣᠰᠬᠤᠨ ᠳᠤ ᠵᠠᠷᠯᠠᠨ ᠨᠡᠶᠢᠲᠡᠯᠡᠵᠦ ᠂ ᠢᠯᠡ ᠲᠣᠳᠣ ᠂ ᠲᠥᠪ ᠭᠤᠣᠯᠴᠢ ᠪᠠᠶᠢᠬᠤ ᠶᠢ ᠦᠨᠡᠨ ᠬᠦ ᠪᠡᠶᠡᠯᠡᠭᠦᠯᠵᠦ ᠂ ᠨᠥᠬᠦᠪᠦᠷᠢ ᠶᠢᠨ ᠲᠠᠯᠠᠪᠠᠢ ᠂ ᠪᠠᠷᠢᠮᠵᠢᠶ᠎ᠠ ᠂ ᠲᠤᠭ᠎ᠠ ᠬᠡᠮᠵᠢᠶ᠎ᠡ ᠶᠢ ᠣᠨᠣᠪᠴᠢᠲᠠᠶ ᠪᠠᠶᠢᠯᠭᠠᠬᠤ ᠬᠡᠷᠡᠭᠲᠡᠢ ᠃ ᠥᠩᠭᠡᠷᠡᠭᠰᠡᠨ ᠵᠢᠯ ᠤᠳ ᠤᠨ ᠡᠳ᠋ ᠤᠨ ᠵᠠᠰᠠᠭ ᠤᠨ ᠨᠥᠬᠦᠪᠦᠷᠢ ᠶᠢᠨ ᠲᠤᠭ᠎ᠠ ᠪᠠᠷᠢᠮᠲᠠ ᠶᠢᠨ ᠮᠡᠳᠡᠭᠡ ᠵᠠᠩᠭᠢ ᠶᠢᠨ ᠬᠥᠮᠥᠷᠭᠡ ᠵᠡᠷᠭᠡ ᠨᠢᠭᠡᠨᠲᠡ ᠪᠠᠶᠢᠭ᠎ᠠ ᠰᠠᠭᠤᠷᠢ ᠶᠢ ᠭᠦᠢᠴᠡᠳ ᠠᠰᠢᠭᠯᠠᠨ᠂ ᠨᠥᠬᠦᠪᠦᠷᠢ ᠶᠢᠨ ᠮᠡᠳᠡᠭᠡ ᠵᠠᠩᠭᠢ ᠶᠢᠨ ᠲᠠᠩᠰᠠ ᠡᠪᠬᠡᠮᠡᠯ ᠤᠨ ᠬᠠᠮᠢᠶᠠᠷᠤᠯᠲᠠ ᠶᠢᠨ ᠳᠦᠷᠢᠮ ᠢ ᠪᠠᠶᠢᠭᠤᠯᠵᠤ᠂ ᠭᠠᠵᠠᠷ ᠰᠢᠷᠣᠢ ᠶᠢᠨ ᠡᠷᠭᠢᠯᠲᠡ ᠶᠢᠨ ᠪᠠᠶᠢᠳᠠᠯ ᠢ ᠴᠠᠭ ᠲᠤᠬᠠᠢ ᠳᠤᠨᠢ ᠡᠵᠡᠮᠰᠢᠨ᠂ ᠨᠥᠬᠦᠪᠦᠷᠢ ᠣᠯᠬᠤ ᠡᠲᠡᠭᠡᠳ ᠤᠨ ᠮᠡᠳᠡᠭᠡ ᠵᠠᠩᠭᠢ ᠶᠢ ᠬᠥᠳᠡᠯᠦᠩᠭᠦᠢ ᠪᠠᠷ ᠰᠢᠨᠡᠳᠬᠡᠵᠦ᠂ ᠬᠠᠮᠢᠶ᠎ᠠ ᠪᠦᠬᠦᠢ ᠨᠥᠬᠦᠪᠦᠷᠢ ᠶᠢᠨ ᠮᠡᠳᠡᠭᠡ ᠵᠠᠩᠭᠢ ᠶᠢᠨ ᠪᠦᠷᠢᠨ ᠪᠦᠲᠦᠨ ᠦᠨᠡᠨ ᠪᠣᠳᠠᠲᠠᠢ ᠪᠠᠶᠢᠬᠤ ᠶᠢ ᠦᠨᠡᠨᠬᠦ ᠪᠠᠲᠤᠯᠠᠬᠤ ᠬᠡᠷᠡᠭᠲᠡᠢ᠃   ︵ᠭᠤᠷᠪᠠ︶ ᠬᠠᠷᠭᠤᠭᠤᠯᠤᠨ ᠪᠠᠶᠢᠴᠠᠭᠠᠭᠰᠠᠨ ᠲᠤᠭ᠎ᠠ ᠪᠠᠷᠢᠮᠲᠠ ᠶᠢ ᠳᠡᠭᠡᠭᠰᠢ ᠮᠡᠳᠡᠭᠦᠯᠬᠦ ᠠᠵᠢᠯ ᠤᠨ ᠠᠬᠢᠴᠠ ᠶᠢ ᠳᠡᠭᠡᠭᠰᠢᠯᠡᠭᠦᠯᠦᠨ᠎ᠡ   ᠪᠣᠳᠠᠲᠠᠢ ᠬᠡᠷᠡᠭᠵᠢᠭᠦᠯᠬᠦ ᠲᠥᠰᠥᠯ ᠢ ᠴᠢᠩᠭ᠎ᠠ ᠵᠢᠷᠤᠮᠯᠠᠨ ᠬᠡᠷᠡᠭᠵᠢᠭᠦᠯᠵᠦ᠂ ᠭᠠᠷᠠᠭ ᠤᠨ ᠲᠣᠬᠢᠷᠠᠭᠤᠯᠤᠯᠲᠠ ᠶᠢᠨ ᠲᠣᠭᠲᠠᠴᠠ ᠶᠢ ᠪᠠᠶᠢᠭᠤᠯᠤᠨ᠂ ᠨᠥᠬᠦᠪᠦᠷᠢ ᠪᠡᠯᠡ ᠮᠥᠩᠭᠦ ᠶᠢ 2022 ᠣᠨ ᠤ ᠡᠷᠳᠡᠨᠢ ᠰᠢᠰᠢ᠂ ᠰᠢᠷ᠎ᠠ ᠪᠤᠷᠴᠠᠭ ᠪᠠ ᠲᠥᠮᠥᠰᠥ ᠵᠡᠷᠭᠡ ᠲᠠᠷᠢᠮᠠᠯ ᠢ ᠵᠠᠬ᠎ᠠ ᠳᠡᠯᠭᠡᠭᠦᠷ ᠲᠤ ᠲᠥᠪᠯᠡᠷᠡᠭᠦᠯᠦᠨ ᠭᠠᠷᠭᠠᠬᠤ ᠠᠴᠠ ᠡᠮᠦᠨ᠎ᠡ᠂ ᠦᠢᠯᠡᠳᠪᠦᠷᠢᠯᠡᠭᠴᠢᠳ ᠲᠤ ᠴᠠᠭ ᠲᠤᠬᠠᠢ ᠳᠤᠨᠢ ᠲᠤᠭ᠎ᠠ ᠶᠣᠰᠣᠭᠠᠷ ᠣᠯᠭᠤᠬᠤ ᠶᠢ ᠦᠨᠡᠨ ᠬᠦ ᠪᠠᠲᠤᠯᠠᠬᠤ ᠬᠡᠷᠡᠭᠲᠡᠢ᠃ ᠰᠢᠶᠠᠨ ᠤ ᠲᠠᠷᠢᠶᠠᠯᠠᠩ ᠤᠨ ᠰᠢᠨᠵᠢᠯᠡᠬᠦ ᠤᠬᠠᠭᠠᠨ ᠮᠡᠷᠭᠡᠵᠢᠯ ᠤᠨ ᠲᠣᠪᠴᠢᠶ᠎ᠠ ᠲᠠᠷᠢᠮᠠᠯ ᠤᠨ ᠲᠠᠯᠠᠪᠠᠶ ᠶᠢ ᠬᠤᠷᠢᠶᠠᠩᠭᠤᠶᠢᠯᠠᠬᠤ᠂ ᠬᠢᠨᠠᠨ ᠬᠠᠷᠭᠤᠭᠤᠯᠬᠤ ᠵᠡᠷᠭᠡ ᠠᠵᠢᠯ ᠢ ᠱᠠᠯᠠᠪᠳᠠᠨ ᠵᠣᠬᠢᠶᠠᠨ ᠪᠠᠶᠢᠭᠤᠯᠵᠤ᠂ ᠥᠩᠭᠡᠷᠡᠭᠰᠡᠨ ᠵᠢᠯ ᠤᠳ ᠤᠨ ᠬᠢᠨᠠᠨ ᠪᠠᠶᠢᠴᠠᠭᠠᠭᠰᠠᠨ ᠲᠤᠷᠰᠢᠯᠭ᠎ᠠ ᠪᠠᠨ ᠳ᠋ᠦᠩᠨᠡᠵᠦ᠂ ᠲᠤᠭ᠎ᠠ ᠪᠠᠷᠢᠮᠲᠠ ᠶᠢ ᠳᠡᠭᠡᠭᠰᠢ ᠮᠡᠳᠡᠭᠦᠯᠬᠦ ᠶᠢ ᠰᠠᠭᠠᠲᠠᠭᠠᠭᠰᠠᠨ ᠠᠴᠠ ᠪᠣᠯᠵᠤ ᠪᠥᠬᠦ ᠰᠢᠶᠠᠨ ᠤ ᠲᠠᠷᠬᠠᠭᠠᠬᠤ ᠶᠢ ᠨᠥᠯᠥᠭᠡᠯᠡᠬᠦ ᠦᠵᠡᠭᠳᠡᠯ ᠭᠠᠷᠬᠤ ᠶᠢ ᠰᠡᠷᠭᠡᠶᠢᠯᠡᠨ᠂ ᠬᠢᠨᠠᠨ ᠪᠠᠶᠢᠴᠠᠭᠠᠵᠤ ᠬᠤᠷᠢᠶᠠᠩᠭᠤᠶᠢᠯᠠᠭᠰᠠᠨ ᠦᠷ᠎ᠡ ᠳ᠋ᠦᠩ ᠢ ᠡᠷᠬᠡᠪᠰᠢ 8 ᠰᠠᠷ᠎ᠠ ᠶᠢᠨ 20 ᠤ ᠡᠳᠦᠷ ᠠᠴᠠ ᠡᠮᠦᠨ᠎ᠡ ᠰᠢᠶᠠᠨ ᠤ ᠠᠷᠠᠳ ᠤᠨ ᠵᠠᠰᠠᠭ ᠤᠨ ᠣᠷᠳᠣᠨ ᠳᠤ ᠮᠡᠳᠡᠭᠦᠯᠬᠦ ᠬᠡᠷᠡᠭᠲᠡᠢ᠃ ᠮᠡᠳᠡᠭᠦᠯᠬᠦ ᠠᠴᠠ ᠬᠤᠴᠣᠷᠤᠭᠤᠯᠤᠭᠰᠠᠨ᠂ ᠨᠥᠬᠦᠵᠦ ᠮᠡᠳᠡᠭᠦᠯᠦᠭᠰᠡᠨ ᠪᠠᠶᠢᠳᠠᠯ ᠭᠠᠷᠪᠠᠯ ᠨᠥᠬᠦᠪᠦᠷᠢ ᠥᠭᠬᠦ ᠦᠭᠡᠢ ᠂ ᠡᠯ᠎ᠡ ᠰᠢᠶᠠᠩ ᠪᠠᠯᠭᠠᠰᠤ ᠥᠪᠡᠷ ᠢᠶᠠᠨ ᠡᠭᠦᠷᠭᠡᠯᠡᠨ᠎ᠡ ᠃   ︵ᠳᠥᠷᠪᠡ︶ ᠨᠥᠬᠦᠪᠦᠷᠢ ᠶᠢᠨ ᠪᠡᠯᠡ ᠮᠥᠩᠭᠦ ᠶᠢᠨ ᠬᠠᠮᠢᠶᠠᠷᠤᠯᠲᠠ ᠬᠢᠭᠡᠳ ᠰᠠᠯᠭᠠᠨ ᠥᠭᠬᠦ ᠶᠢ ᠴᠢᠩᠭᠠᠷᠠᠭᠤᠯᠬᠤ ᠬᠡᠷᠡᠭᠲᠡᠢ   ᠨᠥᠬᠦᠪᠦᠷᠢ ᠶᠢᠨ ᠪᠡᠯᠡ ᠮᠥᠩᠭᠦ ᠶᠢ ᠠᠮᠤ ᠪᠤᠳᠠᠭᠠᠨ ᠤ ᠠᠶᠤᠯ ᠲᠦᠭᠰᠢᠭᠦᠷᠢ ᠶᠢᠨ ᠰᠠᠭᠤᠷᠢ ᠮᠥᠩᠭᠦ ᠶᠢᠨ ᠲᠤᠰᠬᠠᠢ ᠲᠠᠩᠰᠠᠨ ᠡᠷᠦᠭᠡ ᠳᠤ ᠣᠷᠣᠭᠤᠯᠤᠨ ᠬᠠᠮᠢᠶᠠᠷᠴᠤ ᠂ ᠲᠤᠰᠬᠠᠢ ᠲᠠᠩᠰᠠᠨ ᠡᠷᠦᠭᠡ ᠶᠢᠨ ᠳᠣᠲᠣᠷᠠᠬᠢ ᠪᠤᠰᠤᠳ ᠨᠥᠬᠦᠪᠦᠷᠢ ᠶᠢᠨ ᠪᠡᠯᠡ ᠮᠥᠩᠭᠦ ᠯᠦᠭᠡ ᠲᠠᠩᠰᠠ ᠬᠤᠪᠢᠶᠠᠨ ᠲᠣᠭᠠᠴᠠᠭ᠎ᠠ ᠬᠢᠵᠦ ᠂ ᠲᠤᠰᠠᠭᠠᠷ ᠲᠤᠰᠬᠠᠬᠤ ᠬᠡᠷᠡᠭᠲᠡᠢ ᠂ ᠬᠠᠷᠢᠯᠴᠠᠨ ᠬᠤᠯᠢᠯᠳᠤᠭᠤᠯᠤᠨ ᠬᠡᠷᠡᠭᠯᠡᠵᠦ ᠪᠣᠯᠬᠤ ᠦᠭᠡᠢ ᠃ ᠰᠢᠶᠠᠨ ᠤ ᠡᠳ᠋ ᠤᠨ ᠵᠠᠰᠠᠭ ᠤᠨ ᠲᠣᠪᠴᠢᠶ᠎ᠠ ᠠᠴᠠ ᠪᠠᠯᠭᠠᠰᠤᠨ ᠤ ᠠᠷᠠᠳ ᠤᠨ ᠵᠠᠰᠠᠭ ᠤᠨ ᠣᠷᠳᠣᠨ ᠤ ᠳᠡᠭᠡᠭᠰᠢ ᠮᠡᠳᠡᠭᠦᠯᠦᠭᠰᠡᠨ ᠨᠥᠬᠦᠪᠦᠷᠢ ᠶᠢᠨ ᠨᠡᠷᠡᠰ ᠤᠨ ᠪᠦᠷᠢᠳᠬᠡᠯ ᠢ ᠦᠨᠳᠦᠰᠦᠯᠡᠨ ᠨᠥᠬᠦᠪᠦᠷᠢ ᠶᠢᠨ ᠪᠡᠯᠡ ᠮᠥᠩᠭᠦ ᠶᠢ ︽ᠪᠦᠬᠦᠨ ᠳᠤ ᠲᠣᠬᠢᠷᠠᠬᠤ ᠺᠠᠷᠲ︾ ᠵᠡᠷᠭᠡ ᠪᠠᠷ ᠳᠠᠮᠵᠢᠭᠤᠯᠤᠨ ᠴᠠᠭ ᠲᠤᠬᠠᠢ ᠳᠤᠨᠢ ᠭᠦᠢᠴᠡᠳ ᠲᠤᠭ᠎ᠠ ᠪᠠᠷ ᠲᠠᠷᠢᠶᠠᠴᠢᠨ ᠡᠷᠦᠬᠡ ᠳᠤ ᠣᠯᠭᠤᠨ ᠥᠭᠭᠦᠨ᠎ᠡ ᠃   ︵ᠲᠠᠪᠤ︶ ᠲᠥᠷᠥ ᠶᠢᠨ ᠪᠣᠳᠣᠯᠭ᠎ᠠ ᠶᠢᠨ ᠤᠬᠠᠭᠤᠯᠭ᠎ᠠ ᠪᠣᠯᠣᠨ ᠪᠡᠯᠡ ᠮᠥᠩᠭᠦ ᠶᠢᠨ ᠬᠠᠮᠢᠶᠠᠷᠤᠯᠲᠠ ᠶᠢᠨ ᠠᠵᠢᠯ ᠶᠢ ᠰᠠᠶᠢᠲᠤᠷ ᠬᠢᠬᠦ ᠬᠡᠷᠡᠭᠲᠡᠢ   ᠡᠯ᠎ᠡ ᠰᠢᠶᠠᠩ ᠪᠠᠯᠭᠠᠰᠤ 2022 ᠣᠨ ᠤ ᠦᠢᠯᠡᠳᠪᠦᠷᠢᠯᠡᠭᠴᠢᠳ ᠲᠤ ᠨᠥᠬᠦᠪᠦᠷᠢ ᠥᠭᠬᠦ ᠲᠦᠷᠦ ᠶᠢᠨ ᠪᠣᠳᠣᠯᠭ᠎ᠠ ᠶᠢᠨ ᠤᠬᠠᠭᠤᠯᠭ᠎ᠠ ᠲᠠᠶᠢᠯᠤᠮᠵᠢ ᠶᠢ ᠡᠷᠲᠡᠬᠡᠨ ᠰᠠᠶᠢᠲᠤᠷ ᠬᠢᠵᠦ ᠂ ᠨᠡᠶᠢᠭᠡᠮ ᠤᠨ ᠠᠩᠬᠠᠷᠤᠯ ᠳᠤ ᠴᠠᠭ ᠲᠤᠬᠠᠢ ᠳᠤᠨᠢ ᠬᠠᠷᠢᠭᠤᠯᠲᠠ ᠥᠭᠴᠦ ᠂ ᠲᠠᠷᠢᠶᠠᠴᠢᠳ ᠲᠤ ᠦᠢᠯᠡᠳᠪᠦᠷᠢᠯᠡᠭᠴᠢᠳ ᠲᠤ ᠨᠥᠬᠦᠪᠦᠷᠢ ᠥᠭᠬᠦ ᠲᠦᠷᠦ ᠶᠢᠨ ᠪᠣᠳᠣᠯᠭ᠎ᠠ ᠶᠢ ᠲᠣᠳᠣᠷᠬᠠᠢ ᠣᠶᠢᠯᠠᠭᠠᠭᠤᠯᠵᠤ ᠂ ᠨᠥᠬᠦᠪᠦᠷᠢ ᠥᠭᠬᠦ ᠬᠡᠪᠴᠢᠶ᠎ᠡ ᠂ ᠨᠥᠬᠦᠪᠦᠷᠢ ᠥᠭᠬᠦ ᠡᠲᠡᠭᠡᠳ ᠂ ᠨᠥᠬᠦᠪᠦᠷᠢ ᠥᠭᠬᠦ ᠪᠠᠷᠢᠮᠵᠢᠶ᠎ᠠ ᠂ ᠪᠡᠯᠡ ᠮᠥᠩᠭᠦ ᠣᠯᠭᠤᠬᠤ ᠵᠡᠷᠭᠡ ᠲᠦᠷᠦ ᠶᠢᠨ ᠪᠣᠳᠣᠯᠭ᠎ᠠ ᠶᠢᠨ ᠭᠤᠣᠯᠳᠠᠯᠭ᠎ᠠ ᠶᠢ ᠡᠵᠡᠮᠰᠢᠭᠦᠯᠵᠦ ᠂ ᠨᠥᠬᠦᠪᠦᠷᠢ ᠥᠭᠬᠦ ᠲᠦᠷᠦ ᠶᠢᠨ ᠪᠣᠳᠣᠯᠭ᠎ᠠ ᠶᠢᠨ ᠬᠦᠴᠦᠲᠡᠢ ᠡᠮᠬᠢ ᠵᠢᠷᠤᠮ ᠲᠠᠢ ᠪᠦᠲᠦᠮᠵᠢᠲᠡᠢ ᠨᠠᠶᠢᠳᠠᠪᠤᠷᠢᠵᠢᠭᠤᠯᠤᠭᠳᠠᠬᠤ ᠶᠢ ᠪᠠᠲᠤᠯᠠᠬᠤ ᠬᠡᠷᠡᠭᠲᠡᠢ ᠃ ᠰᠢᠶᠠᠩ ᠪᠠᠯᠭᠠᠰᠤ ᠨᠢ ᠰᠢᠨ᠎ᠡ ᠪᠠᠷ ᠨᠡᠮᠡᠭᠳᠡᠭᠦᠯᠬᠦ ᠨᠥᠬᠦᠪᠦᠷᠢ ᠶᠢᠨ ᠵᠦᠢᠯᠡᠰ ᠤᠨ ᠪᠣᠳᠠᠲᠠᠢ ᠬᠡᠷᠡᠭᠵᠢᠭᠦᠯᠬᠦ ᠠᠵᠢᠯ ᠢ ᠬᠢᠨᠠᠮᠠᠭᠠᠢ ᠪᠣᠯᠭᠤᠮᠵᠢᠲᠠᠢ ᠰᠠᠶᠢᠲᠤᠷ ᠬᠢᠵᠦ ᠂ ᠲᠦᠷᠦ ᠶᠢᠨ ᠪᠣᠳᠣᠯᠭ᠎ᠠ ᠶᠢᠨ ᠬᠡᠷᠡᠭᠵᠢᠭᠦᠯᠦᠯᠲᠡ ᠶᠢᠨ ᠲᠣᠭᠲᠠᠭᠤᠨ ᠪᠠᠶᠢᠬᠤ ᠶᠢ ᠦᠨᠡᠨ ᠬᠦ ᠪᠠᠲᠤᠯᠠᠵᠤ ᠂ ᠭᠠᠷᠴᠤ ᠮᠡᠳᠡᠬᠦ ᠠᠰᠠᠭᠤᠳᠠᠯ ᠢ ᠠᠷᠭᠠᠴᠠᠬᠤ ᠠᠷᠭ᠎ᠠ ᠬᠡᠮᠵᠢᠶ᠎ᠡ ᠶᠢ ᠤᠷᠢᠳᠴᠢᠯᠠᠨ ᠰᠤᠳᠤᠯᠤᠨ ᠰᠠᠶᠢᠲᠤᠷ ᠬᠢᠵᠦ ᠂ ᠵᠥᠷᠢᠴᠡᠯ ᠪᠠ ᠵᠢᠭᠤᠷᠠᠯᠳᠤᠭᠠᠨ ᠡᠭᠦᠰᠬᠦ ᠠᠴᠠ ᠵᠠᠶᠢᠯᠠᠰᠬᠢᠬᠦ ᠬᠡᠷᠡᠭᠲᠡᠢ ᠃ ᠴᠠᠭᠠᠨᠨᠠᠭᠤᠷ ᠤᠨ ᠰᠠᠪᠠ ᠭᠠᠵᠠᠷ ᠤᠨ ᠪᠣᠷᠳᠤᠭ᠎ᠠ ᠪᠠᠭᠠᠰᠬᠠᠨ ᠠᠮᠤ ᠪᠤᠳᠠᠭ᠎ᠠ ᠪᠠᠨ ᠨᠡᠮᠡᠭᠳᠡᠭᠦᠯᠬᠦ ᠲᠥᠷᠥ ᠶᠢᠨ ᠪᠣᠳᠣᠯᠭ᠎ᠠ ᠶᠢᠨ ᠬᠥᠲᠥᠯᠥᠨ ᠵᠢᠯᠤᠭᠤᠳᠬᠤ ᠦᠢᠯᠡᠳᠦᠯ ᠢ ᠦᠨᠡᠨᠬᠦ ᠰᠠᠶᠢᠲᠤᠷ ᠪᠠᠳᠠᠷᠠᠭᠤᠯᠵᠤ᠂ ᠨᠥᠬᠦᠪᠦᠷᠢ ᠮᠡᠬᠡᠯᠡᠨ ᠣᠯᠬᠤ ᠶᠢ ᠰᠡᠷᠭᠡᠶᠢᠯᠡᠨ᠂ ᠰᠢᠷ᠎ᠠ ᠪᠤᠷᠴᠠᠭ ᠰᠢᠯᠢᠮᠳᠡᠭ ᠢ ᠥᠷᠭᠡᠳᠬᠡᠨ ᠳᠠᠷᠢᠬᠤ ᠡᠭᠦᠷᠭᠡ ᠪᠠᠨ ᠪᠡᠶᠡᠯᠡᠭᠦᠯᠬᠦ ᠶᠢ ᠦᠨᠡᠨᠬᠦ ᠪᠠᠲᠤᠯᠠᠬᠤ ᠬᠡᠷᠡᠭᠲᠡᠢ᠃   ᠲᠠᠪᠤ ᠂ ᠬᠢᠨᠠᠯᠲᠠ ᠲᠠᠯᠪᠢᠵᠤ ᠪᠠᠶᠢᠴᠠᠭᠠᠬᠤ ᠶᠢ ᠴᠢᠩᠳᠠᠯᠠᠬᠤ ᠬᠡᠷᠡᠭᠲᠡᠢ   1. ᠡᠯ᠎ᠡ ᠬᠠᠮᠢᠶ᠎ᠠ ᠪᠦᠬᠦᠢ ᠰᠠᠯᠠᠭ᠎ᠠ ᠮᠥᠴᠢᠷ ᠤᠳ ᠲᠣᠭᠲᠠᠭᠠᠭᠰᠠᠨ ᠬᠤᠭᠤᠴᠠᠭ᠎ᠠ ᠬᠢᠵᠠᠭᠠᠷ ᠢ ᠴᠢᠩᠭ᠎ᠠ ᠵᠢᠷᠤᠮᠯᠠᠨ ᠨᠥᠬᠦᠪᠦᠷᠢ ᠶᠢᠨ ᠪᠡᠯᠡ ᠮᠥᠩᠭᠦ ᠶᠢ ᠴᠠᠭ ᠲᠤᠬᠠᠢ  ᠳᠤᠨᠢ ᠵᠥᠪ ᠣᠨᠣᠪᠴᠢᠲᠠᠶ ᠪᠠᠷ ᠪᠥᠬᠦᠨ  ᠢ ᠪᠣᠳᠠᠲᠠᠶᠢᠵᠢᠭᠤᠯᠬᠤ ᠬᠡᠷᠡᠭᠲᠡᠢ ᠃   2. ᠡᠯ᠎ᠡ ᠰᠢᠶᠠᠩ ᠪᠠᠯᠭᠠᠰᠤ ᠵᠢᠴᠢ ᠡᠯ᠎ᠡ ᠬᠠᠮᠢᠶ᠎ᠠ ᠪᠦᠬᠦᠢ ᠰᠠᠯᠠᠭ᠎ᠠ ᠮᠥᠴᠢᠷ ᠤᠳ ᠬᠢᠨᠠᠯᠲᠠ ᠲᠠᠯᠪᠢᠬᠤ ᠤᠲᠠᠰᠤ ᠲᠣᠬᠢᠷᠠᠭᠤᠯᠬᠤ ᠶᠢᠨ ᠬᠠᠮᠲᠤ ᠬᠠᠮᠢᠶ᠎ᠠ ᠪᠦᠬᠦᠢ ᠬᠠᠷᠢᠭᠤᠴᠠᠯᠭᠠᠲᠠᠨ ᠤ ᠤᠲᠠᠰᠤᠨ ᠨᠣᠮᠧᠷ ᠪᠣᠯᠣᠨ ᠰᠢᠤᠳᠠᠨ ᠤ ᠬᠠᠶᠢᠷᠴᠠᠭ ᠢ ᠴᠠᠭ ᠲᠤᠬᠠᠢ ᠳᠤᠨᠢ ᠨᠡᠶᠢᠲᠡᠯᠡᠵᠦ᠂ ᠣᠯᠠᠨ ᠲᠦᠮᠡᠨ ᠤ ᠬᠢᠨᠠᠯᠲᠠ ᠲᠠᠯᠪᠢᠬᠤ ᠶᠢ ᠬᠦᠯᠢᠶᠡᠬᠦ ᠬᠡᠷᠡᠭᠲᠡᠢ᠃   3. ᠪᠡᠯᠡ ᠮᠥᠩᠭᠦ ᠲᠠᠷᠬᠠᠭᠠᠬᠤ ᠶᠠᠪᠤᠴᠠ ᠳᠤ ᠂ ᠨᠥᠬᠦᠪᠦᠷᠢ ᠥᠭᠬᠦ ᠲᠦᠷᠦ ᠶᠢᠨ ᠪᠣᠳᠣᠯᠭ᠎ᠠ ᠶᠢ ᠬᠡᠷᠡᠭᠵᠢᠭᠦᠯᠦᠭᠰᠡᠨ ᠪᠠᠶᠢᠳᠠᠯ ᠳᠤ ᠪᠦᠬᠦ ᠲᠠᠯ᠎ᠠ ᠶᠢᠨ ᠪᠠᠶᠢᠴᠠᠭᠠᠯᠲᠠ ᠬᠢᠵᠦ ᠂ ᠳᠣᠣᠷᠠᠬᠢ ᠬᠡᠳᠦᠨ ᠵᠦᠢᠯ ᠤᠨ ᠪᠠᠶᠢᠳᠠᠯ ᠭᠠᠷᠬᠤ ᠶᠢ ᠡᠷᠡᠰ ᠬᠤᠷᠢᠭᠯᠠᠬᠤ ᠬᠡᠷᠡᠭᠲᠡᠢ ᠄   ︵1︶ ᠬᠠᠤᠯᠢ ᠶᠣᠰᠣᠨ ᠤ ᠪᠤᠰᠤ ᠲᠠᠷᠢᠶᠠᠨ ᠭᠠᠵᠠᠷ ᠲᠤ ᠨᠥᠬᠦᠪᠦᠷᠢ ᠣᠯᠭᠤᠬᠤ ᠲᠥᠷᠥ ᠶᠢᠨ ᠪᠣᠳᠣᠯᠭ᠎ᠠ ᠶᠢ ᠴᠢᠩᠭ᠎ᠠ ᠴᠠᠭᠠᠵᠠᠯᠠᠨ᠎ᠠ︔ ᠤᠯᠤᠰ ᠵᠢᠴᠢ ᠥᠪᠡᠷᠲᠡᠭᠡᠨ ᠵᠠᠰᠠᠬᠤ ᠣᠷᠣᠨ ᠠᠴᠠ ᠨᠢᠭᠡᠨᠲᠡ ᠲᠠᠷᠢᠶᠠᠯᠠᠬᠤ ᠶᠢ ᠵᠣᠭᠰᠣᠭᠠᠭᠰᠠᠨ ᠲᠠᠷᠢᠶᠠᠨ ᠭᠠᠵᠠᠷ ᠲᠤ ᠨᠥᠬᠦᠪᠦᠷᠢ ᠣᠯᠭᠤᠬᠤ ᠲᠥᠷᠥ ᠶᠢᠨ ᠪᠣᠳᠣᠯᠭ᠎ᠠ ᠶᠢ ᠲᠣᠳᠣᠷᠬᠠᠢ ᠲᠣᠭᠲᠠᠭᠠᠬᠤ ᠶᠢ ᠴᠢᠩᠭ᠎ᠠ ᠴᠠᠭᠠᠵᠠᠯᠠᠨ᠎ᠠ︔ ᠲᠠᠷᠢᠬᠤ ᠪᠠᠨ ᠪᠣᠯᠢᠬᠤ᠂ ᠠᠲᠠᠷᠰᠢᠭᠤᠯᠤᠭᠰᠠᠨ ᠭᠠᠵᠠᠷ ᠲᠤ ᠨᠥᠬᠦᠪᠦᠷᠢ ᠣᠯᠭᠤᠬᠤ ᠲᠥᠷᠥ ᠶᠢᠨ ᠪᠣᠳᠣᠯᠭ᠎ᠠ ᠶᠢ ᠴᠢᠩᠭ᠎ᠠ ᠴᠠᠭᠠᠵᠠᠯᠠᠨ᠎ᠠ︔ ᠵᠥᠪᠰᠢᠶᠡᠷᠡᠯ ᠦᠭᠡᠢ ᠪᠠᠷ ᠭᠠᠵᠠᠷ ᠰᠢᠷᠣᠢ ᠬᠠᠭᠠᠯᠪᠤᠷᠢᠯᠠᠬᠤ ᠪᠤᠶᠤ ᠭᠠᠵᠠᠷ ᠰᠢᠷᠣᠢ᠂ ᠣᠶᠢᠲᠤ ᠭᠠᠵᠠᠷ᠂ ᠡᠪᠡᠰᠦᠲᠦ ᠭᠠᠵᠠᠷ᠂ ᠴᠢᠭᠢᠭᠯᠢᠭ ᠭᠠᠵᠠᠷ ᠢ ᠬᠠᠭᠠᠯᠪᠤᠷᠢᠯᠠᠬᠤ ᠶᠢ ᠴᠠᠭᠠᠵᠠᠯᠠᠭᠰᠠᠨ ᠭᠠᠵᠠᠷ ᠤᠨ ᠲᠠᠷᠢᠬᠴᠢᠳ ᠲᠤ ᠨᠥᠬᠦᠪᠦᠷᠢ ᠣᠯᠭᠤᠬᠤ ᠲᠥᠷᠥ ᠶᠢᠨ ᠪᠣᠳᠣᠯᠭ᠎ᠠ ᠶᠢ ᠴᠢᠩᠭ᠎ᠠ ᠴᠠᠭᠠᠵᠠᠯᠠᠨ᠎ᠠ︔ ᠵᠠᠰᠠᠭ ᠤᠨ ᠣᠷᠳᠣᠨ ᠠᠴᠠ ᠨᠢᠭᠡᠨᠲᠡ ᠲᠠᠲᠠᠪᠤᠷᠢᠯᠠᠨ ᠬᠡᠷᠡᠭᠯᠡᠭᠰᠡᠨ ᠪᠥᠭᠡᠳ ᠨᠢᠭᠡᠨᠲᠡ ᠨᠥᠬᠦᠪᠦᠷᠢ ᠠᠪᠤᠴᠢᠬᠠᠭᠰᠠᠨ᠂ ᠲᠤᠶᠢᠷ ᠴᠠᠭ ᠨᠡᠭᠡᠭᠡᠨ ᠠᠰᠢᠭᠯᠠᠵᠤ ᠴᠢᠳᠠᠭ᠎ᠠ ᠦᠭᠡᠢ ᠲᠠᠷᠢᠶᠠᠨ ᠭᠠᠵᠠᠷ ᠤᠨ ᠲᠠᠷᠢᠬᠴᠢᠦᠠ ᠲᠤ ᠨᠥᠬᠦᠪᠦᠷᠢ ᠣᠯᠭᠤᠨ᠎ᠠ ᠃   ︵2︶ ᠬᠤᠳᠠᠯ ᠢᠶᠠᠷ ᠮᠡᠳᠡᠭᠦᠯᠦᠭᠰᠡᠨ ᠂ ᠳᠠᠷᠤᠰᠢᠭᠤᠯᠤᠭᠰᠠᠨ᠂ ᠳᠠᠪᠬᠤᠷᠯᠠᠨ ᠳᠠᠷᠢᠭᠰᠠᠨ ᠂ ᠬᠠᠮᠢᠶᠠᠷᠤᠯᠲᠠ ᠪᠦᠳᠦᠭᠦᠯᠢᠭ ᠂ ᠡᠯᠳᠡᠪ ᠡᠪᠡᠰᠦ ᠪᠠᠭᠯᠠᠷᠠᠨ ᠤᠷᠭᠤᠭᠠᠳ ᠤᠨᠠᠯᠲᠠ ᠦᠭᠡᠢ ᠪᠣᠯᠤᠭᠰᠠᠨ ᠂ ᠦᠢᠯᠡᠳᠪᠦᠷᠢᠯᠡᠬᠦ ᠪᠠᠷ ᠵᠣᠷᠢᠯᠭ᠎ᠠ ᠪᠣᠯᠭᠠᠭᠰᠠᠨ ᠦᠭᠡᠢ ᠨᠢ ᠢᠯᠡᠷᠬᠡᠢ ᠪᠠᠶᠢᠪᠠᠯ ᠨᠥᠬᠦᠪᠦᠷᠢ ᠥᠭᠬᠦ ᠦᠭᠡᠢ ᠃   ︵3︶ ᠨᠥᠬᠦᠪᠦᠷᠢ ᠶᠢ ᠬᠠᠮᠲᠤ ᠨᠡᠶᠢᠲᠡ ᠠᠴᠠ ᠣᠷᠣᠯᠠᠨ ᠠᠪᠤᠭᠤᠯᠬᠤ ᠪᠠᠷ ᠣᠯᠭᠤᠬᠤ ᠶᠢ ᠴᠢᠩᠭ᠎ᠠ ᠴᠠᠭᠠᠵᠠᠯᠠᠨ᠎ᠠ ︔ ᠨᠥᠬᠦᠪᠦᠷᠢ ᠶᠢᠨ ᠪᠡᠯᠡ ᠮᠥᠩᠭᠦ ᠪᠠᠷ ᠬᠠᠮᠢᠶ᠎ᠠ ᠪᠦᠬᠦᠢ ᠵᠠᠷᠤᠳᠠᠯ ᠢ ᠲᠤᠯᠭᠠᠨ ᠰᠠᠭᠤᠯᠭᠠᠬᠤ ᠶᠢ ᠴᠢᠩᠭ᠎ᠠ ᠴᠠᠭᠠᠵᠠᠯᠠᠨ᠎ᠠ᠃   4. ᠲᠠᠷᠢᠮᠠᠯ ᠤᠨ ᠡᠷᠦᠬᠡ᠂ ᠲᠣᠰᠬᠤᠨ ᠤ ᠠᠷᠠᠳ ᠤᠨ ᠵᠥᠪᠯᠡᠯ᠂ ᠰᠢᠶᠠᠩ ᠪᠠᠯᠭᠠᠰᠤ ᠶᠢᠨ ᠵᠠᠰᠠᠭ ᠤᠨ ᠣᠷᠳᠣᠨ ᠤ ᠲᠤᠭ᠎ᠠ ᠪᠠᠷᠢᠮᠲᠠ ᠳᠤ ᠲᠣᠭᠠᠴᠠᠭᠳᠠᠬᠤ ᠶᠢ ᠪᠠᠶᠢᠴᠠᠭᠠᠨ ᠲᠣᠳᠣᠯᠠᠭᠰᠠᠨ ᠪᠠᠶᠢᠪᠠᠯ᠂ ᠲᠣᠭᠲᠠᠭᠠᠯ   ᠠᠴᠠ ᠵᠥᠷᠢᠴᠡᠨ ᠲᠠᠷᠬᠠᠭᠠᠭᠰᠠᠨ ᠨᠥᠬᠦᠪᠦᠷᠢ ᠶᠢᠨ ᠪᠡᠯᠡ ᠮᠥᠩᠭᠦ ᠶᠢ ᠬᠤᠷᠢᠶᠠᠨ ᠠᠪᠴᠤ᠂ ᠲᠣᠭᠲᠠᠭᠠᠯ ᠠᠴᠠ ᠵᠥᠷᠢᠴᠡᠭᠰᠡᠨ ᠨᠢᠭᠡᠴᠡ ᠳᠤ ᠰᠡᠷᠡᠮᠵᠢ ᠥᠭᠬᠦ ᠪᠤᠶᠤ ᠵᠠᠷᠯᠠᠨ ᠰᠢᠭᠦᠮᠵᠢᠯᠡᠬᠦ ᠶᠢᠨ ᠬᠠᠮᠲᠤ᠂ ᠰᠢᠭᠤᠳ ᠬᠠᠷᠢᠭᠤᠴᠠᠯᠭ᠎ᠠ ᠲᠠᠢ ᠬᠥᠮᠥᠨ ᠪᠠ ᠪᠤᠰᠤᠳ ᠬᠠᠮᠢᠶ᠎ᠠ ᠪᠦᠬᠦᠢ ᠬᠠᠷᠢᠭᠤᠴᠠᠯᠭ᠎ᠠ ᠲᠠᠢ ᠬᠥᠮᠥᠨ ᠳᠤ ᠵᠣᠬᠢᠬᠤ ᠰᠢᠢᠳᠪᠦᠷᠢᠯᠡᠯᠲᠡ ᠬᠢᠵᠦ᠂ ᠨᠥᠬᠦᠪᠦᠷᠢ ᠶᠢᠨ ᠪᠡᠯᠡ ᠮᠥᠩᠭᠦ ᠶᠢ ᠮᠡᠬᠡᠯᠡᠨ ᠠᠪᠤᠭᠰᠠᠨ ᠲᠤᠭ᠎ᠠ ᠬᠡᠮᠵᠢᠶ᠎ᠡ ᠨᠢ ᠨᠡᠯᠢᠶᠡᠳ ᠶᠡᠭᠡ ᠪᠤᠶᠤ ᠶᠠᠯ᠎ᠠ ᠬᠢᠭᠰᠡᠨ ᠢᠶᠠᠷ ᠰᠡᠵᠢᠭᠯᠡᠭᠳᠡᠭᠰᠡᠨ ᠪᠠᠶᠢᠪᠠᠯ᠂ ᠬᠠᠤᠯᠢ ᠶᠣᠰᠣᠭᠠᠷ ᠬᠠᠤᠯᠢ ᠴᠠᠭᠠᠵᠠ ᠶᠢᠨ ᠪᠠᠶᠢᠭᠤᠯᠭ᠎ᠠ ᠳᠤ ᠰᠢᠯᠵᠢᠭᠦᠯᠦᠨ ᠲᠤᠰᠢᠶᠠᠵᠤ ᠰᠢᠢᠳᠪᠦᠷᠢᠯᠡᠭᠦᠯᠦᠨ᠎ᠡ᠃ᠵᠢᠷᠭᠤᠭ᠎ᠠ ᠂ ᠲᠥᠰᠥᠪ ᠤᠨ ᠠᠮᠵᠢᠯᠲᠠ ᠪᠦᠲᠦᠮᠵᠢ ᠶᠢᠨ ᠬᠠᠮᠢᠶᠠᠷᠤᠯᠲᠠ ᠶᠢ ᠴᠢᠩᠭᠠᠳᠬᠠᠨ᠎ᠠᠡᠯ᠎ᠡ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ ᠬᠢᠨ ᠡᠷᠳᠡᠨᠢ ᠰᠢᠰᠢ᠂ ᠰᠢᠷ᠎ᠠ ᠪᠤᠷᠴᠠᠭ ᠪᠣᠯᠣᠨ ᠲᠥᠮᠥᠰᠥ ᠦᠢᠯᠡᠳᠪᠦᠷᠢᠯᠡᠭᠴᠢᠳ ᠲᠤ ᠨᠥᠬᠦᠪᠦᠷᠢ ᠣᠯᠭᠤᠬᠤ ᠠᠵᠢᠯ ᠢ ᠵᠣᠬᠢᠶᠠᠨ ᠪᠠᠶᠢᠭᠤᠯᠬᠤ ᠶᠠᠪᠤᠴᠠ ᠳᠤ᠂ ᠲᠥᠰᠥᠪ ᠤᠨ ᠠᠮᠵᠢᠯᠲᠠ ᠪᠦᠲᠦᠮᠵᠢ ᠶᠢᠨ ᠬᠠᠮᠢᠶᠠᠷᠤᠯᠲᠠ ᠶᠢ ᠬᠡᠷᠡᠭᠵᠢᠭᠦᠯᠬᠦ ᠬᠤᠯᠪᠣᠭᠳᠠᠯ ᠪᠦᠬᠦᠢ ᠱᠠᠭᠠᠷᠳᠠᠯᠭ᠎ᠠ ᠶᠣᠰᠣᠭᠠᠷ ᠂ ᠰᠠᠯᠠᠭ᠎ᠠ ᠮᠥᠴᠢᠷ ᠂ ᠨᠢᠭᠡᠴᠡ ᠶᠢᠨ ᠲᠥᠰᠥᠪ ᠤᠨ ᠠᠮᠵᠢᠯᠲᠠ ᠪᠦᠲᠦᠮᠵᠢ ᠶᠢᠨ ᠬᠠᠮᠢᠶᠠᠷᠤᠯᠲᠠ ᠶᠢᠨ ᠪᠡᠶᠡᠴᠢ ᠴᠣᠭᠴᠠ ᠶᠢᠨ ᠬᠠᠷᠢᠭᠤᠴᠠᠯᠭ᠎ᠠ ᠶᠢ ᠴᠢᠩᠭᠠᠳᠬᠠᠵᠤ ᠂ ᠪᠦᠬᠦ ᠶᠠᠪᠤᠴᠠ ᠶᠢᠨ ᠲᠥᠰᠥᠪ ᠤᠨ ᠠᠮᠵᠢᠯᠲᠠ ᠪᠦᠲᠦᠮᠵᠢ ᠶᠢᠨ ᠬᠠᠮᠢᠶᠠᠷᠤᠯᠲᠠ ᠶᠢ ᠴᠢᠩᠭᠠᠳᠬᠠᠵᠤ ᠂ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠭᠰᠡᠨ ᠦᠷ᠎ᠡ ᠪᠦᠲᠦᠮᠵᠢ ᠂ ᠨᠡᠶᠢᠭᠡᠮ ᠤᠨ ᠦᠷ᠎ᠡ ᠠᠰᠢᠭ ᠂ ᠠᠵᠤ ᠠᠬᠤᠢ ᠶᠢᠨ ᠦᠷ᠎ᠡ ᠠᠰᠢᠭ ᠂ ᠦᠢᠯᠡᠴᠢᠯᠡᠬᠦ ᠡᠲᠡᠭᠡᠳ ᠤᠨ ᠬᠠᠨᠤᠮᠵᠢ ᠶᠢᠨ ᠬᠡᠮᠵᠢᠶ᠎ᠡ ᠵᠡᠷᠭᠡ ᠠᠮᠵᠢᠯᠲᠠ ᠪᠦᠲᠦᠮᠵᠢ ᠶᠢᠨ ᠬᠠᠷᠠᠯᠲᠠ ᠶᠢ ᠪᠡᠶᠡᠯᠡᠭᠦᠯᠦᠭᠰᠡᠨ ᠪᠠᠶᠢᠳᠠᠯ ᠠᠴᠠ ᠪᠦᠬᠦᠶᠢᠯᠡ ᠴᠣᠭᠴᠠ ᠶᠢᠨ ᠲᠥᠰᠥᠪ ᠤᠨ ᠠᠮᠵᠢᠯᠲᠠ ᠪᠦᠲᠦᠮᠵᠢ ᠶᠢᠨ ᠦᠨᠡᠯᠡᠯᠲᠡ ᠬᠢᠬᠦ ᠬᠡᠷᠡᠭᠲᠡᠢ ᠃ 2022 ᠣᠨ ᠤ 11 ᠳ᠋ᠦ᠋ᠭᠡᠷ ᠰᠠᠷ᠎ᠠ ᠶᠢᠨ 20 ᠤ ᠡᠳᠦᠷ ᠠᠴᠠ ᠡᠮᠦᠨ᠎ᠡ ᠨᠥᠬᠦᠪᠦᠷᠢ ᠶᠢᠨ ᠪᠡᠯᠡ ᠮᠥᠩᠭᠦ ᠶᠢ ᠣᠯᠭᠤᠨ‌ᠥᠭᠭᠦᠭᠰᠡᠨ ᠬᠤᠯᠪᠣᠭᠳᠠᠯ ᠪᠦᠬᠦᠢ ᠪᠠᠶᠢᠳᠠᠯ ᠢᠶᠠᠨ ᠬᠤᠲᠠ ᠶᠢᠨ ᠡᠳ᠋ ᠤᠨ ᠵᠠᠰᠠᠭ ᠤᠨ ᠲᠣᠪᠴᠢᠶ᠎ᠠ᠂ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ ᠳᠤ ᠮᠡᠳᠡᠭᠦᠯᠦᠨ ᠬᠦᠷᠭᠡᠵᠦ᠂ 2023 ᠣᠨ ᠤ 1 ᠳ᠋ᠦ᠋ᠭᠡᠷ ᠰᠠᠷ᠎ᠠ ᠶᠢᠨ 20 ᠤ ᠡᠳᠦᠷ ᠠᠴᠠ ᠡᠮᠦᠨ᠎ᠡ ᠠᠵᠢᠯ ᠤᠨ ᠠᠮᠵᠢᠯᠲᠠ ᠪᠦᠲᠦᠮᠵᠢ ᠶᠢᠨ ᠭᠦᠢᠴᠡᠳᠬᠡᠯ ᠲᠤᠭ᠎ᠠ ᠶᠢ ᠪᠡᠶᠡᠯᠡᠭᠦᠯᠦᠭᠰᠡᠨ ᠪᠠᠶᠢᠳᠠᠯ ᠢᠶᠠᠨ ᠬᠤᠲᠠ ᠶᠢᠨ ᠡᠳ᠋ ᠤᠨ ᠵᠠᠰᠠᠭ ᠤᠨ ᠲᠣᠪᠴᠢᠶ᠎ᠠ᠂ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ᠂ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ ᠳᠤ ᠮᠡᠳᠡᠭᠦᠯᠦᠨ ᠬᠦᠷᠭᠡᠨ᠎ᠡ᠃        ᠣᠷᠴᠢᠭᠤᠯᠤᠭᠴᠢ᠄ ᠣᠳᠣᠨᠭᠡᠷᠡᠯᠢᠷᠡᠯᠲᠡ᠄ ᠬᠤᠸᠠᠳᠧ ᠰᠢᠶᠠᠨ ᠤ ᠠᠷᠠᠳ ᠤᠨ ᠵᠠᠰᠠᠭ ᠤᠨ ᠣᠷᠳᠤᠨ ᠤ ᠬᠢᠲᠠᠳ ᠰᠦᠯᠵᠢᠶ᠎ᠡ    
 
ᠢᠷᠡᠯᠲᠡ᠄ ᠬᠤᠸᠠᠳᠧ ᠰᠢᠶᠠᠨ ᠤ ᠠᠷᠠᠳ ᠤᠨ ᠵᠠᠰᠠᠭ ᠤᠨ ᠤᠷᠳᠤᠨ ᠤ ᠬᠢᠲᠡᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004651号-2