ᠮᠠᠨ ᠤ ᠰᠢᠶᠠᠨ ᠰᠢᠭᠤᠳ ᠬᠠᠷᠢᠶ᠎ᠠ ᠪᠠᠶᠢᠭᠤᠯᠭ᠎ᠠ ᠶᠢᠨ ᠨᠠᠮ ᠤᠨ ᠠᠵᠢᠯᠯᠠᠬᠤ ᠬᠤᠷᠢᠶᠠᠨ ᠤ ᠦᠨᠳᠦᠰᠦᠨ ᠱᠠᠲᠤᠨ ᠤ ᠨᠠᠮ ᠤᠨ ᠪᠠᠶᠢᠭᠤᠯᠤᠯᠲᠠ ᠶᠢᠨ ︽ᠢᠯᠠ ᠲᠣᠳᠣ ᠦᠷᠢᠰᠦᠯᠳᠦᠬᠦ︾ ᠲᠡᠷᠢᠭᠦᠨ ᠤ ᠬᠢ ᠶᠢ ᠡᠭᠦᠳᠴᠦ ᠰᠢᠯᠢᠳᠡᠭ ᠪᠣᠯᠬᠤ ᠪᠠᠷ ᠴᠢᠷᠮᠠᠶᠢᠬᠤ ᠠᠵᠢᠯᠯᠠᠭ᠎ᠠ ᠵᠢᠴᠢ ︽ᠲᠠᠶᠢᠰᠠᠨ ᠤ ᠮᠥᠷᠥᠶᠢᠴᠡᠭᠡᠨ︾ ᠤ ᠤᠷᠤᠯᠳᠤᠭᠠᠨ ᠶᠠᠪᠤᠭᠤᠯᠪᠠ
ᠨᠡᠶᠢᠲᠡᠯᠡᠭᠰᠡᠨ ᠴᠠᠭ᠄
2022/7/19
   7 ᠰᠠᠷ᠎ᠠ ᠶᠢᠨ 15 ᠤ ᠡᠳᠦᠷ᠂ ᠮᠠᠨ ᠤ ᠰᠢᠶᠠᠨ ᠰᠢᠭᠤᠳ ᠬᠠᠷᠢᠶ᠎ᠠ ᠪᠠᠶᠢᠭᠤᠯᠭ᠎ᠠ ᠶᠢᠨ ᠨᠠᠮ ᠤᠨ ᠠᠵᠢᠯᠯᠠᠬᠤ ᠬᠤᠷᠢᠶ᠎ᠠ ᠶᠢᠨ ᠦᠨᠳᠦᠰᠦᠨ ᠱᠠᠲᠤᠨ ᠤ ᠨᠠᠮ ᠤᠨ ᠪᠠᠶᠢᠭᠤᠯᠤᠯᠲᠠ ᠶᠢᠨ ︽ᠢᠯᠡ ᠲᠣᠳᠣ ᠦᠷᠢᠰᠦᠯᠦᠬᠦ︾ ᠲᠡᠷᠢᠭᠦᠨ ᠤ  ᠬᠢ ᠶᠢ ᠡᠭᠦᠳᠴᠦ ᠰᠢᠯᠢᠳᠡᠭ ᠪᠣᠯᠬᠤ ᠪᠠᠷ ᠴᠢᠷᠮᠠᠶᠢᠬᠤ ᠠᠵᠢᠯᠯᠠᠭ᠎ᠠ ᠵᠢᠴᠢ ︽ᠲᠠᠶᠢᠰᠠᠨ ᠳᠤ ᠮᠥᠷᠥᠶᠢᠴᠡᠬᠦ︾ ᠤᠷᠤᠯᠳᠤᠭᠠᠨ ᠶᠠᠪᠤᠭᠤᠯᠪᠠ᠃ ᠰᠢᠶᠠᠨ ᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠰᠠᠬᠢᠯᠭ᠎ᠠ ᠪᠠᠲᠤ ᠪᠠᠶᠢᠴᠠᠭᠠᠬᠤ ᠬᠤᠷᠢᠶᠠᠨ ᠤ ᠱᠦᠵᠢ᠂ ᠬᠢᠨᠠᠨ ᠪᠠᠶᠢᠴᠠᠭᠠᠬᠤ ᠵᠥᠪᠯᠡᠯ ᠤᠨ ᠡᠷᠬᠢᠯᠡᠭᠴᠢ ᠵᠣᠣ ᠵᠢᠶᠠᠨ ᠭᠦᠸᠧ᠂ ᠰᠢᠶᠠᠨ ᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠵᠣᠬᠢᠶᠠᠨ ᠪᠠᠶᠢᠭᠤᠯᠬᠤ ᠬᠡᠯᠲᠡᠰ ᠤᠨ ᠳᠠᠷᠤᠭ᠎ᠠ ᠰᠥᠩ ᡁᠢ ᠹᠠᠩ ᠠᠵᠢᠯᠯᠠᠭ᠎ᠠ ᠳᠤ ᠣᠷᠣᠯᠴᠠᠭᠰᠠᠨ ᠪᠥᠭᠡᠳ ᠰᠢᠯᠭᠠᠷᠠᠭᠤᠯᠬᠤ ᠺᠣᠮᠢᠰ ᠤᠨ ᠭᠡᠰᠢᠭᠦᠨ ᠤ ᠲᠤᠰᠢᠶᠠᠯ ᠢ ᠡᠭᠦᠷᠭᠡᠯᠡᠪᠡ᠃

1.png

   ᠲᠠᠶᠢᠰᠠᠨ ᠤ ᠤᠷᠤᠯᠳᠤᠭᠠᠨ ᠳᠤ᠂ 14 ᠰᠢᠶᠠᠨ ᠤ ᠰᠢᠭᠤᠳ ᠬᠠᠷᠢᠶ᠎ᠠ ᠪᠠᠶᠢᠭᠤᠯᠭ᠎ᠠ ᠶᠢᠨ ᠨᠠᠮ ᠤᠨ ᠶᠡᠷᠦᠩᠬᠡᠢ ᠡᠭᠦᠷ᠂

ᠨᠠᠮ ᠤᠨ ᠡᠭᠦᠷ ᠤᠨ ᠤᠷᠤᠯᠳᠤᠭᠠᠨ ᠳᠤ ᠣᠷᠣᠯᠴᠠᠭᠰᠠᠳ ᠨᠠᠮ ᠤᠨ ᠪᠠᠶᠢᠭᠤᠯᠤᠯᠲᠠ ᠶᠢᠨ ᠲᠣᠭᠤᠷᠢᠨ ᠳᠤ ᠲᠤᠬᠠᠶᠢᠯᠠᠭᠰᠠᠨ

ᠠᠵᠢᠯ ᠢᠶᠠᠨ ᠬᠥᠲᠥᠯᠥᠨ ᠳᠠᠭᠠᠭᠤᠯᠵᠤ᠂ ᠲᠣᠰ ᠨᠢᠭᠡᠴᠡ ᠶᠢᠨ ᠢᠶᠠᠨ ᠨᠠᠮ ᠤᠨ ᠪᠠᠶᠢᠭᠤᠯᠤᠯᠲᠠ ᠶᠢᠨ ᠠᠵᠢᠯ ᠢ ᠥᠷᠨᠢᠭᠦᠯᠬᠦ᠂

ᠨᠠᠮ ᠤᠨ ᠪᠠᠶᠢᠭᠤᠯᠤᠯᠲᠠ ᠶᠢᠨ ᠨᠠᠷᠠᠲᠤ ᠲᠥᠷᠥᠯ ᠲᠡᠮᠳᠡᠭᠲᠦ ᠶᠢ ᠡᠭᠦᠳᠦᠨ ᠪᠠᠶᠢᠭᠤᠯᠬᠤ᠂ ᠪᠢ ᠣᠯᠠᠨ ᠲᠦᠮᠡᠨ ᠳᠤ ᠪᠣᠳᠠᠲᠠᠢ

ᠠᠵᠢᠯ ᠬᠢᠵᠦ ᠥᠭᠬᠦ᠂ ᠠᠵᠢᠯ ᠤᠨ ᠣᠨᠴᠠᠯᠢᠭ ᠤᠨ ᠬᠢᠯᠠᠰ ᠴᠡᠭ ᠵᠡᠷᠭᠡ ᠲᠠᠯ᠎ᠠ ᠶᠢᠨ ᠰᠠᠶᠢᠨ ᠲᠤᠷᠰᠢᠯᠭ᠎ᠠ᠂ ᠰᠠᠶᠢᠨ ᠠᠷᠭ᠎ᠠ

ᠬᠢᠳᠡᠯ ᠳᠤ ᠠᠩᠬᠠᠷᠤᠯ ᠢᠶᠠᠨ ᠲᠥᠪᠯᠡᠷᠡᠭᠦᠯᠵᠦ᠂ ︽PPT + ᠲᠤᠬᠠᠢ ᠶᠢᠨ ᠲᠠᠯᠠᠪᠤᠷ ᠲᠤ ᠶᠠᠷᠢᠶ᠎ᠠ ᠲᠠᠯᠪᠢᠬᠤ︾ ᠠᠷᠭ᠎ᠠ

ᠮᠠᠶ᠋ᠢᠭ ᠢᠶᠠᠷ ᠳᠠᠮᠵᠢᠭᠤᠯᠤᠨ᠂ ᠣᠯᠠᠨ ᠢᠶᠠᠷ ᠢᠶᠠᠨ ᠬᠢᠯᠠᠰ ᠴᠡᠭ ᠢ ᠶᠠᠷᠢᠯᠴᠠᠵᠤ᠂ ᠲᠤᠷᠰᠢᠯᠭ᠎ᠠ ᠶᠢ ᠶᠠᠷᠢᠯᠴᠠᠵᠤ᠂ ᠠᠷᠭ᠎ᠠ

ᠬᠢᠳᠡᠯ ᠢ ᠶᠠᠷᠢᠵᠤ᠂ ᠠᠵᠢᠯ ᠤᠨ ᠪᠦᠲᠦᠮᠵᠢ ᠶᠢ ᠢᠯᠡ ᠨᠡᠶᠢᠲᠡᠯᠡᠵᠦ᠂ ᠬᠠᠷᠢᠯᠴᠠᠨ ᠰᠤᠷᠤᠯᠴᠠᠵᠤ᠂ ᠬᠠᠷᠢᠯᠴᠠᠨ ᠰᠣᠯᠢᠯᠴᠠᠵᠤ᠂

ᠰᠠᠶᠢᠨ ᠲᠠᠯ᠎ᠠ ᠶᠢ ᠨᠢ ᠠᠪᠴᠤ ᠳᠤᠲᠠᠭᠳᠠᠯ ᠲᠠᠢ ᠲᠠᠯ᠎ᠠ ᠪᠠᠨ ᠨᠥᠬᠦᠪᠡ᠃ ᠡᠯ᠎ᠡ ᠨᠠᠮ ᠤᠨ ᠡᠭᠦᠷ ᠤᠨ ᠱᠦᠵᠢ ᠶᠢᠨ

ᠲᠤᠬᠠᠶᠢᠯᠠᠭᠰᠠᠨ ᠠᠵᠢᠯ ᠤᠨ ᠪᠠᠶᠢᠷᠢ ᠳᠠᠭᠠᠨ ᠰᠠᠭᠤᠷᠢᠯᠠᠵᠤ ᠂ ᠡᠭᠦᠷᠭᠡ ᠬᠠᠷᠢᠭᠤᠴᠠᠯᠭ᠎ᠠ ᠪᠠᠨ ᠴᠢᠷᠮᠠᠶᠢᠨ ᠭᠦᠢᠴᠡᠳᠬᠡᠵᠦ ᠂

︽ᠤᠭ ᠰᠠᠨᠠᠭ᠎ᠠ︾  ᠪᠠᠷ ᠵᠠᠯᠠᠭᠤᠷ ᠢᠶᠠᠨ ᠪᠣᠯᠭᠠᠵᠤ ᠬᠦᠴᠦ ᠪᠠᠨ ᠬᠠᠮᠲᠤᠳᠬᠠᠨ ᠤᠷᠤᠭᠰᠢᠯᠠᠬᠤ ᠶᠢ ᠬᠥᠲᠥᠯᠥᠨ ᠵᠢᠯᠤᠭᠤᠳᠬᠤ

ᠪᠠ ᠤᠷᠮᠠᠰᠢᠭᠤᠯᠤᠨ ᠬᠥᠭᠵᠢᠭᠡᠪᠡ ᠃

   ᠬᠤᠷᠴᠠ ᠰᠢᠷᠦᠭᠦᠨ ᠥᠷᠢᠰᠦᠯᠳᠦᠭᠡᠨ ᠢᠶᠠᠷ ᠳᠠᠮᠵᠢᠨ ᠂ ᠵᠠᠰᠠᠭ ᠤᠨ ᠣᠷᠳᠣᠨ ᠠᠴᠠ ᠡᠷᠬᠢᠯᠡᠭᠰᠡᠨ ᠨᠠᠮ ᠤᠨ ᠡᠭᠦᠷ

ᠨᠢᠭᠡᠳᠦᠭᠡᠷ ᠳᠡᠰ ᠤᠨ ᠱᠠᠩᠨᠠᠯ ᠬᠦᠷᠲᠡᠵᠦ ᠂ ᠤᠰᠤᠨ ᠠᠰᠢᠭᠯᠠᠯᠲᠠ ᠶᠢᠨ ᠲᠣᠪᠴᠢᠶ᠎ᠠ ᠶᠢᠨ ᠪᠠᠶᠢᠭᠤᠯᠭ᠎ᠠ ᠶᠢᠨ ᠨᠠᠮ ᠤᠨ ᠡᠭᠦᠷ ᠂

ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ ᠤᠨ ᠪᠠᠶᠢᠭᠤᠯᠭ᠎ᠠ ᠶᠢᠨ ᠨᠠᠮ ᠤᠨ ᠡᠭᠦᠷ ᠲᠤᠰ ᠲᠤᠰ ᠬᠤᠶᠠᠳᠤᠭᠠᠷ ᠂

ᠭᠤᠷᠪᠠᠳᠤᠭᠠᠷ ᠳᠡᠰ ᠤᠨ ᠱᠠᠩᠨᠠᠯ ᠬᠦᠷᠲᠡᠵᠡᠢ ᠃

   ᠤᠷᠤᠯᠳᠤᠭᠠᠨ ᠤ ᠲᠠᠶᠢᠰᠠᠨ ᠤ ᠮᠥᠷᠥᠶᠢᠴᠡᠭᠡᠨ ᠢᠶᠠᠷ ᠳᠡᠮᠵᠢᠨ᠂ ᠪᠠᠶᠢᠭᠤᠯᠭ᠎ᠠ ᠶᠢᠨ ᠨᠠᠮ ᠤᠨ ᠵᠣᠬᠢᠶᠠᠨ

ᠪᠠᠶᠢᠭᠤᠯᠤᠯᠲᠠ ᠶᠢᠨ ᠱᠦᠵᠢ ᠵᠢᠴᠢ ᠥᠷᠭᠡᠨ ᠤᠯᠠᠨ ᠨᠠᠮ ᠤᠨ ᠭᠡᠰᠢᠭᠦᠨ ᠺᠠᠳ᠋ᠷᠴᠤᠳ ᠤᠨ ᠠᠵᠢᠯ ᠬᠢᠵᠦ ᠦᠢᠯᠡᠰ ᠪᠣᠰᠬᠠᠬᠤ

ᠣᠷᠭᠢᠯᠤᠮ᠎ᠠ ᠰᠡᠳᠬᠢᠯᠭᠡ ᠪᠣᠯᠣᠨ ᠲᠡᠷᠢᠭᠦᠨ ᠤ ᠬᠢ ᠶᠢ ᠲᠡᠮᠡᠴᠡᠨ ᠰᠢᠯᠢᠳᠡᠭ ᠢ ᠡᠭᠦᠳᠬᠦ ᠢᠷᠠᠭᠤ ᠠᠯᠳᠠᠷᠲᠤ ᠰᠡᠳᠬᠢᠯᠭᠡ ᠂

ᠬᠦᠨᠳᠦ ᠨᠠᠶᠢᠳᠠᠯᠭ᠎ᠠ ᠶᠢ ᠦᠯᠦ ᠬᠥᠰᠡᠷᠳᠡᠭᠦᠯᠬᠦ ᠡᠭᠦᠷᠭᠡᠲᠦ ᠰᠡᠳᠬᠢᠯᠭᠡ ᠪᠣᠯᠣᠨ ᠡᠭᠦᠷᠭᠡᠯᠡᠨ ᠵᠢᠳᠬᠦᠯ ᠭᠠᠷᠭᠠᠬᠤ

ᠬᠠᠷᠢᠭᠤᠴᠠᠯᠭᠠᠲᠤ ᠰᠡᠳᠬᠢᠯᠭᠡ ᠶᠢ ᠴᠢᠨᠠᠭᠰᠢᠳᠠ ᠬᠥᠭᠵᠢᠭᠡᠵᠦ᠂ ᠪᠦᠬᠦ ᠰᠢᠶᠠᠨ ᠤ ︽ᠢᠯᠠ ᠲᠣᠳᠣ ᠦᠷᠢᠰᠦᠯᠳᠦᠬᠦ︾ 

ᠲᠡᠷᠢᠭᠦᠨ ᠤ ᠬᠢ ᠶᠢ ᠡᠭᠦᠳᠴᠦ ᠰᠢᠯᠢᠳᠡᠭ ᠪᠣᠯᠬᠤ ᠪᠠᠷ ᠴᠢᠷᠮᠠᠶᠢᠬᠤ ᠠᠵᠢᠯᠯᠠᠭ᠎ᠠ ᠶᠢ ᠭᠦᠨᠵᠡᠭᠡᠶᠢᠷᠡᠭᠦᠯᠵᠦ ᠂ ᠠᠳᠠᠯᠢᠳᠬᠠᠬᠤ

ᠰᠤᠷᠤᠯᠴᠠᠬᠤ ᠬᠥᠭᠡᠭᠡᠵᠦ ᠭᠦᠢᠴᠡᠬᠦ ᠳᠠᠪᠠᠵᠤ ᠭᠠᠷᠬᠤ ᠠᠵᠢᠯ ᠤᠨ ᠠᠭᠤᠷ ᠠᠮᠢᠰᠬᠤᠯ ᠢ ᠪᠤᠢ ᠪᠣᠯᠭᠠᠵᠤ ᠂ ᠡᠭᠦᠨ ᠤ

ᠤᠯᠠᠮ ᠢᠶᠠᠷ ᠠᠵᠤ ᠠᠬᠤᠢ ᠨᠡᠶᠢᠭᠡᠮ ᠤᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠵᠤ ᠂ ᠰᠢᠯᠢᠳᠡᠭ ᠠᠮᠵᠢᠯᠲᠠ ᠪᠠᠷ ᠢᠶᠠᠨ

ᠨᠠᠮ ᠤᠨ ᠬᠤᠷᠢᠳᠤᠭᠠᠷ ᠶᠡᠭᠡ ᠬᠤᠷᠠᠯ ᠤᠨ ᠠᠮᠵᠢᠯᠲᠠ ᠲᠠᠢ ᠬᠤᠷᠠᠯᠳᠤᠬᠤ ᠶᠢ ᠤᠭᠲᠤᠨ᠎ᠠ᠃

        ᠵᠣᠬᠢᠶᠠᠭᠴᠢ᠄ ᠬᠤᠸᠠᠳᠧ ᠰᠢᠶᠠᠨ ᠤ ᠠᠷᠠᠳ ᠤᠨ ᠵᠠᠰᠠᠭ ᠤᠨ ᠣᠷᠳᠤᠨ

        ᠣᠷᠴᠢᠭᠤᠯᠤᠭᠴᠢ᠄ ᠣᠳᠣᠨᠭᠡᠷᠡᠯ

ᠢᠷᠡᠯᠲᠡ᠄ ᠬᠤᠸᠠᠳᠧ ᠰᠢᠶᠠᠨ ᠤ ᠠᠷᠠᠳ ᠤᠨ ᠵᠠᠰᠠᠭ ᠤᠨ ᠣᠷᠳᠤᠨ ᠤ ᠬᠢᠲᠠᠳ ᠰᠦᠯᠵᠢᠶ᠎ᠡ

 
ᠢᠷᠡᠯᠲᠡ᠄ ᠬᠤᠸᠠᠳᠧ ᠰᠢᠶᠠᠨ ᠤ ᠠᠷᠠᠳ ᠤᠨ ᠵᠠᠰᠠᠭ ᠤᠨ ᠤᠷᠳᠤᠨ ᠤ ᠬᠢᠲᠡᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004651号-2