ᠡᠷᠡᠭᠦᠯ ᠴᠢᠭᠢᠷᠠᠭ ᠵᠣᠯ ᠵᠢᠷᠭᠠᠯ ᠪᠣᠯ ᠬᠥᠮᠥᠰ ᠤᠨ ᠠᠮᠢᠳᠤᠷᠠᠯ ᠳᠤ ᠬᠠᠮᠤᠭ ᠤᠨ ᠳᠥᠭᠦᠮ ᠮᠥᠷᠲᠡᠭᠡᠨ | ᠬᠠᠮᠤᠭ ᠤᠨ ᠰᠠᠶᠢᠨ ᠰᠠᠶᠢᠬᠠᠨ ᠬᠠᠷᠠᠯᠲᠠ ᠶᠢᠨ ᠨᠢᠭᠡ᠃ ᠡᠷᠡᠭᠦᠯ ᠴᠢᠭᠢᠷᠠᠭ ᠵᠣᠯ ᠵᠢᠷᠭᠠᠯ ᠲᠠᠢ ᠨᠢᠭᠡ ᠨᠠᠰᠤ ᠶᠢ | ᠥᠩᠭᠡᠷᠡᠭᠡᠬᠦ ᠳᠤ᠂ ᠶᠠᠮᠠᠷ ᠡᠯᠧᠮᠧᠨ᠋ᠲ ᠨᠢ ᠨᠠᠩ ᠴᠢᠬᠤᠯᠠ ᠪᠤᠢ︖ ᠲᠦᠷᠦᠭᠦᠬᠡᠨ᠂ ᠳᠤᠮᠳᠠᠳᠤ ᠤᠯᠤᠰ ᠤᠨ ᠡᠪᠡᠳᠴᠢᠨ | ᠡᠮᠭᠡᠭ ᠢ ᠰᠡᠷᠭᠡᠶᠢᠯᠡᠨ ᠡᠵᠡᠮᠳᠡᠬᠦ ᠲᠥᠪ ᠤᠨ ᠠᠯᠪᠠᠨ ᠰᠦᠯᠵᠢᠶ᠎ᠡ ᠨᠢ ᠡᠷᠬᠡ ᠰᠦᠷᠲᠦ ᠡᠷᠳᠡᠮ ᠰᠢᠨᠵᠢᠯᠡᠭᠡᠨ ᠤ | ᠬᠤᠭᠤᠴᠠᠭᠠᠲᠤ ᠰᠡᠳᠬᠦᠯ︽ᠪᠠᠶᠢᠭᠠᠯᠢ︾ᠰᠡᠳᠬᠦᠯ ᠳᠤ ᠰᠢᠯᠵᠢᠭᠦᠯᠦᠨ ᠨᠡᠶᠢᠲᠡᠯᠡᠭᠰᠡᠨ ᠨᠢᠭᠡᠨ ᠰᠤᠳᠤᠯᠭᠠᠨ ᠤ | ᠰᠠᠨᠠᠭᠤᠯᠤᠮᠵᠢ ᠶᠢ ᠨᠡᠶᠢᠲᠡᠯᠡᠪᠡ᠂ ᠬᠥᠮᠥᠨ ᠥᠲᠡᠯᠪᠡᠯ ᠳᠤᠷ᠎ᠠ ᠪᠠᠬ᠎ᠠ ᠲᠠᠢ ᠪᠠᠶᠢᠬᠤ ᠬᠡᠷᠡᠭᠲᠡᠢ᠂ ᠵᠥᠪᠭᠡᠨ ᠨᠢᠭᠡ ᠯᠡ | ᠪᠠᠶᠢᠭᠰᠠᠨ ᠴᠦ ᠪᠣᠯᠣᠨ᠎ᠠ᠃ ᠤᠴᠢᠷ ᠨᠢ ᠳᠤᠷ᠎ᠠ ᠪᠠᠬ᠎ᠠ ᠲᠠᠢ ᠨᠠᠰᠤᠲᠠᠨ ᠠᠮᠠᠷᠬᠠᠨ ᠭᠠᠩᠰᠠᠷᠠᠬᠤ ᠦᠭᠡᠢ᠂ ᠨᠠᠩ ᠡᠷᠡᠭᠦᠯ | ᠴᠢᠭᠢᠷᠠᠭ ᠤᠷᠲᠤ ᠨᠠᠰᠤᠯᠠᠨ᠎ᠠ᠃ | ᠲᠣᠰ ᠰᠤᠳᠤᠯᠭᠠᠨ ᠢ ᠡᠷᠳᠡᠮ ᠰᠢᠨᠵᠢᠯᠡᠭᠡᠨ ᠤ ᠬᠤᠭᠤᠴᠠᠭᠠᠲᠤ ᠰᠡᠳᠬᠦᠯ ︽ᠪᠠᠶᠢᠭᠠᠯᠢ·ᠠᠨᠠᠭᠠᠬᠤ ᠤᠬᠠᠭᠠᠨ︾ | ᠳᠡᠭᠡᠷ᠎ᠡ ᠨᠡᠶᠢᠲᠡᠯᠡᠪᠡ᠃ ᠰᠤᠳᠤᠯᠤᠭᠴᠢᠳ 16 ᠤᠯᠤᠰ ᠤᠨ 9 ᠲᠦᠮᠡ ᠭᠠᠷᠤᠢ ᠨᠠᠰᠤᠲᠠᠶᠢᠴᠤᠳ ᠤᠨ ᠲᠤᠭ᠎ᠠ | ᠪᠠᠷᠢᠮᠲᠠ ᠳᠤ ᠵᠠᠳᠠᠯᠤᠯᠲᠠ ᠬᠢᠵᠦ᠂ ᠬᠥᠮᠥᠰ ᠨᠠᠰᠤ ᠠᠬᠢᠭᠰᠠᠨ ᠴᠤ ᠠᠵᠢᠯ ᠤᠨ ᠴᠢᠯᠦᠭᠡᠨ ᠤ ᠳᠤᠷ᠎ᠠ ᠰᠣᠨᠢᠷᠬᠠᠯ ᠲᠠᠢ | ᠪᠠᠶᠢᠬᠤ ᠶᠢᠨ ᠴᠢᠬᠤᠯᠠ ᠴᠢᠨᠠᠷ ᠢ ᠵᠢᠭᠠᠵᠤ ᠭᠠᠷᠭᠠᠪᠠ᠃ ᠵᠠᠳᠠᠯᠤᠯᠲᠠ ᠶᠢᠨ ᠦᠷ᠎ᠡ ᠳ᠋ᠦᠩ ᠳᠤ ᠢᠯᠡᠷᠡᠭᠦᠯᠦᠭᠰᠡᠨ ᠢᠶᠠᠷ᠂ | ᠳᠤᠷ᠎ᠠ ᠰᠣᠨᠢᠷᠬᠠᠯ ᠨᠢ ᠨᠡᠯᠢᠶᠡᠳ ᠪᠠᠭ᠎ᠠ ᠭᠠᠩᠰᠠᠷᠠᠬᠤ ᠡᠪᠡᠳᠴᠢᠨ ᠤ ᠢᠯᠡᠷᠡᠯ᠂ ᠨᠠᠩ ᠥᠨᠳᠥᠷ ᠬᠢᠷᠢ ᠲᠦᠪᠰᠢᠨ | ᠪᠦᠬᠦᠢ ᠥᠪᠡᠷ ᠤᠨ ᠪᠡᠶ᠎ᠡ ᠶᠢᠨ ᠡᠷᠡᠭᠦᠯ ᠮᠡᠨᠳᠦ᠂ ᠵᠣᠯ ᠵᠢᠷᠭᠠᠯᠲᠤ ᠰᠡᠳᠬᠢᠯᠭᠡ ᠪᠠ ᠠᠮᠢᠳᠤᠷᠠᠯ ᠤᠨ ᠬᠠᠨᠤᠮᠵᠢ ᠶᠢᠨ | ᠬᠡᠮᠵᠢᠶ᠎ᠡ ᠲᠠᠢ ᠬᠤᠯᠪᠤᠭ᠎ᠠ ᠲᠠᠢ᠃ ᠬᠤᠷᠸ᠎ᠠ ᠲᠠᠯ᠎ᠠ ᠠᠴᠠ ᠠᠪᠴᠤ ᠬᠡᠯᠡᠪᠡᠯ᠂ ᠳᠤᠷ᠎ᠠ ᠰᠣᠨᠢᠷᠬᠠᠯ ᠤᠨ ᠲᠦᠭᠡᠮᠡᠯ ᠴᠢᠨᠠᠷ | ᠨᠢ ᠪᠠᠰᠠ ᠠᠷᠠᠳ ᠢᠷᠭᠡᠳ ᠤᠨ ᠵᠣᠯ ᠵᠢᠷᠭᠠᠯ ᠤᠨ ᠬᠢᠷᠢ ᠲᠦᠪᠰᠢᠨ ᠪᠠ ᠵᠢᠱᠢᠭᠰᠡᠨ ᠨᠠᠰᠤᠨ ᠬᠤᠲᠤᠭ ᠲᠠᠢ | ᠬᠤᠯᠪᠤᠭ᠎ᠠ ᠲᠠᠢ ᠶᠤᠮ᠃ | ᠰᠤᠳᠤᠯᠭᠠᠲᠠᠳ ᠤᠨ ᠰᠠᠨᠠᠭᠤᠯᠤᠭᠰᠠᠨ ᠢᠶᠠᠷ᠂ ᠠᠳᠡ ᠬᠡᠯᠡᠵᠦ ᠪᠠᠶᠢᠭ᠎ᠠ ︽ᠳᠤᠷ᠎ᠠ ᠪᠠᠬ᠎ᠠ︾ ᠭᠡᠳᠡᠭ ᠨᠢ ᠬᠥᠮᠥᠰ ᠤᠨ | ᠰᠤᠯᠠ ᠰᠡᠯᠡᠭᠦᠦ ᠴᠠᠭ ᠲᠠᠭᠠᠨ ᠬᠢᠬᠦ ᠵᠤᠭ᠎ᠠ ᠴᠡᠩᠭᠡᠯ ᠤᠨ ᠠᠵᠢᠯᠯᠠᠭ᠎ᠠ᠂ ᠵᠢᠱᠢᠶᠡᠯᠡᠪᠡᠯ ᠤᠷᠠᠯᠢᠭ ᠤᠷᠤᠯᠳᠤᠬᠤ᠂ ᠭᠠᠷ | ᠤᠷᠠᠯᠠᠯ ᠬᠢᠬᠦ᠂ ᠨᠣᠮ ᠤᠩᠰᠢᠬᠤ᠂ ᠲᠣᠭᠯᠠᠭᠠᠮ ᠨᠠᠭᠠᠳᠬᠤ᠂ ᠬᠥᠳᠡᠯᠭᠡᠭᠡᠨ ᠬᠢᠬᠦ᠂ ᠴᠡᠴᠡᠷᠯᠢᠭ ᠤᠨ ᠤᠷᠠᠯᠢᠭ ᠬᠢᠬᠦ᠂ | ᠰᠠᠶᠢᠨ ᠳᠤᠷ᠎ᠠ ᠶᠢᠨ ᠦᠢᠯᠡᠴᠢᠯᠡᠭᠡ ᠬᠢᠬᠦ᠂ ᠡᠯ᠎ᠡ ᠵᠦᠢᠯ ᠤᠨ ᠨᠡᠶᠢᠭᠡᠮᠯᠢᠭ / ᠺᠯᠦ᠋ᠪ ᠲᠤ ᠣᠷᠤᠯᠴᠠᠬᠤ ᠵᠡᠷᠭᠡ | ᠠᠵᠢᠯᠯᠠᠭ᠎ᠠ ᠪᠣᠯᠣᠨ᠎ᠠ᠃ ᠡᠳᠡᠭᠡᠷ ᠠᠵᠢᠯᠯᠠᠭᠠᠨ ᠨᠢ᠂ ᠬᠥᠮᠥᠰ ᠤᠨ ᠲᠥᠰᠥᠭᠡᠯᠡᠬᠦᠢ ᠴᠢᠳᠠᠪᠤᠷᠢ ᠪᠠ ᠡᠭᠦᠳᠦᠨ ᠪᠦᠲᠦᠭᠡᠬᠦ | ᠴᠢᠳᠠᠪᠤᠷᠢ ᠶᠢ ᠬᠥᠭᠵᠢᠭᠡᠵᠦ᠂ ᠰᠡᠷᠡᠯ ᠤᠨ ᠡᠷᠬᠡᠲᠡᠨ ᠪᠠ ᠲᠠᠨᠢᠨ ᠮᠡᠳᠡᠬᠦᠢ ᠳᠤ ᠰᠡᠳᠡᠯᠲᠡ ᠥᠭᠴᠦ᠂ ᠬᠤᠪᠢ ᠬᠥᠮᠥᠨ ᠤ | ᠥᠪᠡᠷ ᠢ ᠪᠠᠨ ᠢᠯᠡᠳᠬᠡᠬᠦ ᠶᠢ ᠠᠬᠢᠭᠤᠯᠳᠠᠭ᠃ ᠨᠡᠶᠢᠭᠡᠮ ᠤᠨ ᠬᠠᠷᠢᠯᠴᠠᠭᠠᠨ ᠤ ᠰᠢᠨᠵᠢ ᠴᠢᠨᠠᠷ ᠲᠠᠢ ᠠᠵᠢᠯᠯᠠᠭ᠎ᠠ ᠳᠤ | ᠣᠷᠤᠯᠴᠠᠬᠤ ᠨᠢ ᠪᠠᠰᠠ ᠨᠡᠶᠢᠭᠡᠮ ᠤᠨ ᠳᠡᠮᠵᠢᠯᠭᠡ ᠶᠢ ᠬᠠᠩᠭᠠᠵᠤ᠂ ᠭᠠᠭᠴᠠᠭᠠᠷᠳᠠᠬᠤ ᠰᠡᠳᠬᠢᠯᠭᠡ ᠪᠠ ᠨᠡᠶᠢᠭᠡᠮ ᠤᠨ | ᠭᠠᠭᠴᠠᠭᠠᠷᠳᠠᠬᠤ ᠰᠡᠳᠬᠢᠯᠭᠡ ᠶᠢ ᠪᠠᠭᠠᠰᠬᠠᠵᠤ ᠴᠢᠳᠠᠨ᠎ᠠ᠃ | ᠲᠣᠰ ᠰᠤᠳᠤᠯᠭᠠᠨ ᠤ ᠲᠤᠭ᠎ᠠ ᠪᠠᠷᠢᠮᠲᠠ ᠨᠢ 5 ᠲᠣᠮᠣ ᠭᠡᠯᠪᠡᠷᠢ ᠶᠢᠨ ᠡᠩᠨᠡᠭᠡ ᠶᠢᠨ ᠰᠤᠳᠤᠯᠭᠠᠨ᠂ ᠠᠩᠭ᠍ᠯᠢ ᠶᠢᠨ | ᠨᠠᠰᠤᠵᠢᠯᠲᠠ ᠶᠢᠨ ᠭᠤᠯᠳᠤ ᠴᠢᠭᠯᠡᠯ ᠤᠨ ᠰᠤᠳᠤᠯᠭᠠᠨ᠂ ᠶᠠᠫᠤᠨ ᠤ ᠨᠠᠰᠤᠲᠠᠶᠢᠴᠤᠳ ᠤᠨ ᠰᠤᠳᠤᠯᠤᠯ ᠤᠨ ᠦᠨᠡᠯᠡᠨ | ᠵᠢᠱᠢᠬᠦ ᠰᠤᠳᠤᠯᠭᠠᠨ᠂ ᠠᠮᠧᠷᠢᠺᠠ ᠶᠢᠨ ᠡᠷᠡᠭᠦᠯ ᠮᠡᠨᠳᠦ ᠬᠢᠭᠡᠳ ᠠᠵᠢᠯ ᠠᠴᠠ ᠪᠠᠨ ᠠᠮᠠᠷᠠᠬᠤ ᠭᠤᠯᠳᠤ ᠴᠢᠭᠯᠡᠯ ᠤᠨ | ᠰᠤᠳᠤᠯᠭᠠᠨ᠂ ᠡᠸᠦ᠋ᠷᠦᠫᠡ ᠲᠢᠪ ᠤᠨ ᠡᠷᠡᠭᠦᠯ ᠮᠡᠨᠳᠦ ᠶᠢᠨ ᠨᠠᠰᠤᠵᠢᠯᠲᠠ ᠪᠠ ᠠᠵᠢᠯ ᠠᠴᠠ ᠪᠠᠨ ᠠᠮᠠᠷᠠᠬᠤ | ᠪᠠᠶᠢᠴᠠᠭᠠᠯᠲᠠ ᠪᠠ ᠳᠤᠮᠳᠠᠳᠤ ᠤᠯᠤᠰ ᠤᠨ ᠡᠷᠡᠭᠦᠯ ᠮᠡᠨᠳᠦ ᠬᠢᠭᠡᠳ ᠨᠠᠰᠤᠵᠢᠯ ᠤᠨ ᠠᠰᠠᠷᠠᠮᠵᠢ ᠶᠢᠨ ᠮᠥᠷᠳᠡᠨ | ᠪᠠᠶᠢᠴᠠᠭᠠᠯᠲᠠ ᠵᠡᠷᠭᠡ ᠠᠴᠠ ᠢᠷᠡᠯᠲᠡ ᠲᠠᠢ ᠪᠠᠶᠢᠵᠤ᠂ ᠳᠤᠮᠳᠠᠳᠤ ᠤᠯᠤᠰ᠂ ᠠᠮᠧᠷᠢᠺᠠ᠂ ᠠᠩᠭ᠍ᠯᠢ᠂ ᠶᠠᠫᠤᠨ᠂ ᠳ᠋ᠠᠨ᠋ᠮᠠᠷᠺ᠂ | ᠭᠧᠷᠮᠠᠨ᠂ ᠰᠸᠢᠰ᠂ ᠢᠰᠫᠠᠨᠢ ᠵᠡᠷᠭᠡ 16 ᠤᠯᠤᠰ ᠤᠨ ᠣᠷᠣᠯᠴᠠᠭᠴᠢ᠂ ᠠᠳᠠᠯᠢ ᠪᠤᠰᠤ ᠤᠯᠤᠰ ᠤᠨ ᠣᠷᠣᠯᠴᠠᠭᠴᠢ ᠶᠢᠨ | ᠳᠤᠮᠳᠠᠴᠢ ᠨᠠᠰᠤ 71.7 - 75.9 ᠶᠢ ᠪᠠᠭᠲᠠᠭᠠᠨ᠎ᠠ᠃ | ᠶᠡᠷᠦᠩᠬᠡᠢ ᠳᠤᠨᠢ ᠠᠪᠴᠤ ᠬᠡᠯᠡᠪᠡᠯ᠂ ᠤᠷᠮ᠎ᠠ ᠪᠠᠬ᠎ᠠ ᠪᠠ ᠭᠠᠩᠰᠠᠷᠠᠯ ᠤᠨ ᠢᠯᠡᠷᠡᠯ ᠲᠠᠢ ᠪᠠᠶᠢᠬᠤ ᠨᠢ ᠰᠥᠭᠡᠷᠭᠦ | ᠢᠯᠡᠷᠡᠯ ᠲᠠᠢ ᠬᠤᠯᠪᠤᠭ᠎ᠠ ᠲᠠᠢ᠂ ᠥᠪᠡᠷ ᠢᠶᠠᠨ ᠮᠡᠳᠡᠭᠦᠯᠬᠦ ᠡᠷᠡᠭᠦᠯ ᠮᠡᠨᠳᠦ ᠶᠢᠨ ᠬᠢᠷᠢ ᠲᠦᠪᠰᠢᠨ᠂ ᠵᠣᠯ ᠵᠢᠷᠭᠠᠯᠲᠤ | ᠲᠥᠷᠥᠭᠳᠡᠯ ᠪᠠ ᠠᠮᠢᠳᠤᠷᠠᠯ ᠤᠨ ᠬᠠᠨᠤᠮᠵᠢ ᠶᠢᠨ ᠬᠡᠮᠵᠢᠶ᠎ᠡ ᠲᠠᠢ ᠰᠢᠭᠤᠳ ᠬᠤᠯᠪᠤᠭ᠎ᠠ ᠲᠠᠢ ᠶᠤᠮ᠃ ᠬᠤᠷᠸ᠎ᠠ | ᠳᠠᠪᠬᠤᠷᠭ᠎ᠠ ᠶᠢᠨ ᠵᠠᠳᠠᠯᠤᠯᠲᠠ ᠠᠴᠠ ᠦᠵᠡᠪᠡᠯ᠂ ᠳᠤᠷ᠎ᠠ ᠪᠠᠬ᠎ᠠ ᠲᠠᠢ ᠬᠥᠮᠥᠰ ᠤᠨ ᠬᠠᠷᠢᠴᠠᠯ ᠨᠢ ᠳᠡᠯᠡᠬᠡᠢ ᠶᠢᠨ ᠵᠣᠯ | ᠵᠢᠷᠭᠠᠯ ᠤᠨ ᠵᠢᠭᠠᠯᠲᠠ ᠲᠤᠭ᠎ᠠ ᠤᠨ ᠬᠤᠪᠢ᠂ GDP ᠪᠠᠷ ᠬᠡᠮᠵᠢᠬᠦ ᠤᠯᠤᠰ ᠤᠨ ᠡᠳ᠋ ᠪᠠᠶᠠᠯᠢᠭ ᠪᠠ ᠠᠷᠠᠳ | ᠲᠦᠮᠡᠨ ᠤ ᠵᠢᠱᠢᠭᠰᠡᠨ ᠨᠠᠰᠤᠨ ᠬᠤᠲᠤᠭ ᠨᠢ ᠡᠶᠡᠷᠭᠦ ᠬᠤᠯᠪᠤᠭ᠎ᠠ ᠲᠠᠢ ᠪᠠᠶᠢᠵᠤ᠂ ᠺᠢᠨ᠋ᠨᠢ ᠶᠢᠨ ᠵᠢᠭᠠᠯᠲᠠ ᠲᠤᠭ᠎ᠠ ᠲᠠᠢ | ᠰᠥᠭᠡᠷᠭᠦ ᠬᠤᠯᠪᠤᠭ᠎ᠠ ᠲᠠᠢ ᠪᠠᠶᠢᠳᠠᠭ᠃ | ᠪᠡᠯᠡᠳᠭᠡᠭᠰᠡᠨ ᠨᠢ᠄ ᠣᠳᠣᠨᠭᠡᠷᠡᠯ | ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ | |