ᠠᠳᠣᠭᠤᠨ ᠤ ᠪᠤᠯᠴᠢᠷᠬᠠᠶᠢᠲᠤ ᠬᠢᠵᠢᠭ ᠢ ᠬᠡᠷᠬᠢᠨ ᠤᠨᠤᠰᠢᠯᠠᠬᠤ ᠪᠤᠢ
ᠨᠡᠶᠢᠲᠡᠯᠡᠭᠰᠡᠨ ᠴᠠᠭ᠄
2023/2/15
   ᠨᠡᠶᠢᠲᠡᠯᠢᠭ ᠪᠣᠯᠴᠢᠷᠬᠠᠶᠢᠲᠤ ᠬᠢᠵᠢᠭ᠄ ᠭᠡᠮᠨᠡᠭᠰᠡᠨ ᠮᠤᠷᠢᠨ ᠤ ᠡᠷᠡᠦ ᠳᠤᠤᠷᠠᠬᠢ ᠯᠢᠮᠹᠠ ᠪᠤᠯᠴᠣᠣ ᠶᠢᠨ ᠲᠦᠷᠭᠡᠨ ᠴᠢᠨᠠᠷ ᠲᠠᠢ ᠢᠳᠡᠭᠡᠮᠦᠷᠳᠦᠬᠦ ᠦᠷᠪᠢᠰᠦᠯ ᠪᠣᠯᠣᠨ ᠬᠠᠮᠠᠷ ᠤᠨ ᠰᠠᠯᠢᠰᠣᠲᠣ ᠪᠦᠷᠬᠦᠪᠴᠢ ᠶᠢᠨ ᠺᠠᠲ᠋ᠠᠷᠲᠤ ᠢᠳᠡᠭᠡᠮᠦᠷᠳᠦᠬᠦ ᠵᠡᠷᠭᠡ ᠶᠢᠨ ᠰᠢᠨᠵᠢ ᠲᠡᠮᠳᠡᠭ ᠢ ᠦᠨᠳᠦᠰᠦᠯᠡᠵᠦ ᠲᠠᠬᠤᠯ ᠤᠨ ᠪᠠᠶᠢᠳᠠᠯ ᠲᠠᠢ ᠶᠡᠷᠦ ᠳᠡᠭᠡᠨ ᠤᠨᠤᠰᠢᠯᠠᠴᠢᠬᠠᠳᠠᠭ ᠶᠣᠮ᠃ ᠴᠢᠬᠤᠯᠠᠲᠠᠢ ᠦᠶ᠎ᠡ ᠳᠤ ᠴᠤᠭᠤᠷᠠᠭᠰᠠᠨ ᠦᠭᠡᠢ ᠪᠤᠭᠯᠠᠭ᠎ᠠ ᠠᠴᠠ ᠢᠳᠡᠭᠡ ᠶᠢ ᠨᠢ ᠠᠪᠴᠤ ᠪᠠᠺᠲ᠋ᠧᠷᠢ ᠶᠢᠨ ᠰᠤᠳᠤᠯᠤᠯ ᠤᠨ ᠪᠠᠶᠢᠴᠠᠭᠠᠯᠲᠠ ᠬᠢᠵᠦ ᠪᠣᠯᠣᠨ᠎ᠠ᠂ ᠬᠡᠯᠬᠢᠶᠡᠯᠡᠨ ᠵᠢᠭᠰᠠᠭᠰᠠᠨ ᠡᠷᠢᠬᠡᠨ ᠪᠠᠺᠲ᠋ᠧᠷᠢ ᠢᠯᠡᠷᠡᠪᠡᠯ ᠡᠴᠦᠰ ᠤᠨ ᠤᠨᠤᠰᠢᠯᠠᠯᠲᠠ ᠬᠢᠵᠦ ᠪᠣᠯᠣᠨ᠎ᠠ᠃   ᠨᠡᠶᠢᠲᠡᠯᠢᠭ ᠪᠣᠰᠣ ᠪᠤᠯᠴᠢᠷᠬᠠᠶᠢᠲᠤ ᠬᠢᠵᠢᠭ᠄ ᠠᠳᠣᠭᠤᠨ ᠰᠦᠷᠦᠭ ᠲᠠᠬᠢ ᠨᠡᠶᠢᠲᠡᠯᠢᠭ ᠪᠤᠯᠴᠢᠷᠬᠠᠶᠢᠲᠤ ᠬᠢᠵᠢᠭ ᠪᠤᠯᠤᠨ ᠲᠠᠬᠤᠯ ᠤᠨ ᠪᠠᠶᠢᠳᠠᠯ ᠢ ᠤᠶᠠᠯᠳᠣᠭᠤᠯᠪᠠᠯ ᠰᠠᠶ᠋ᠢ ᠤᠨᠤᠰᠢᠯᠠᠨ ᠲᠤᠳᠤᠯᠠᠵᠤ ᠴᠢᠳᠠᠨ᠎ᠠ᠃   ᠬᠤᠤᠷᠲᠤ ᠪᠤᠯᠴᠢᠷᠬᠠᠶᠢᠲᠤ ᠬᠢᠵᠢᠭ᠄ ᠪᠤᠭᠯᠠᠭ᠎ᠠ ᠠᠴᠠ ᠰᠢᠯᠵᠢᠭᠰᠡᠨ ᠤᠷᠤᠨ ᠤ ᠠᠳᠠᠯᠢ ᠪᠤᠰᠤ ᠠᠴᠠ ᠪᠣᠯᠵᠣ ᠤᠨᠤᠰᠢᠯᠠᠬᠤ ᠳᠤ ᠵᠠᠷᠢᠮ ᠨᠢ ᠬᠦᠴᠢᠷᠲᠡᠢ᠂ ᠵᠠᠷᠢᠮ ᠨᠢ ᠬᠢᠯᠪᠠᠷ ᠪᠠᠶᠢᠳᠠᠭ ᠶᠣᠮ᠃ ᠬᠡᠷᠪᠡ ᠭᠡᠮᠨᠡᠭᠰᠡᠨ ᠮᠣᠷᠢ ᠪᠤᠯᠴᠢᠷᠬᠠᠶᠢᠲᠤ ᠬᠢᠵᠢᠭ ᠲᠤ ᠨᠡᠷᠪᠡᠭᠳᠡᠵᠦ ᠪᠡᠶ᠎ᠡ ᠶᠢᠨ ᠳᠣᠯᠠᠭᠠᠨ ᠨᠢ ᠬᠡᠪ ᠤᠨ ᠪᠠᠶᠢᠳᠠᠯ ᠳᠠᠭᠠᠨ ᠤᠷᠤᠭᠠᠳ ᠳᠠᠬᠢᠨ ᠳᠡᠭᠡᠭᠰᠢᠯᠡᠨ ᠰᠠᠯᠢᠰᠣᠲᠣ ᠪᠦᠷᠬᠦᠪᠴᠢ ᠨᠢ ᠰᠢᠷᠠᠯᠠᠵᠤ᠂ ᠢᠳᠡᠬᠦ ᠨᠢ ᠪᠠᠭᠠᠳᠠᠨ ᠤᠯᠠᠮ ᠢᠶᠠᠷ ᠡᠴᠡᠵᠦ᠂ ᠴᠠᠭᠠᠨ ᠡᠰ ᠤᠨ ᠶᠡᠷᠦᠩᠬᠡᠢ ᠲᠤᠭ᠎ᠠ ᠪᠣᠯᠣᠨ ᠰᠠᠭᠠᠷᠮᠠᠭ ᠴᠠᠭᠠᠨ ᠡᠰ ᠨᠢ ᠮᠡᠳᠡᠭᠳᠡᠮ᠎ᠡ ᠨᠡᠮᠡᠭᠳᠡᠵᠦ᠂ ᠪᠠᠰᠠ ᠠᠳᠣᠭᠤᠨ ᠤ ᠬᠠᠯᠳᠠᠪᠤᠷᠢᠲᠤ ᠴᠢᠰᠤ ᠪᠠᠭᠠᠳᠠᠯ ᠪᠣᠯᠣᠨ ᠠᠳᠣᠭᠤᠨ ᠤ ᠶᠠᠮ᠎ᠠ ᠡᠪᠡᠳᠴᠢᠨ ᠤ ᠲᠡᠦᠬᠡ ᠦᠭᠡᠢ ᠪᠣᠯ ᠠᠩᠬ᠎ᠠ ᠠᠯᠬᠤᠮ ᠪᠤᠯᠴᠢᠷᠬᠠᠶᠢᠲᠤ ᠬᠢᠵᠢᠭ ᠢᠶᠠᠷ ᠣᠨᠣᠰᠢᠯᠠᠵᠤ ᠪᠤᠯᠤᠨ᠎ᠠ᠃ ᠬᠡᠷᠪᠡ ᠴᠢᠴᠠᠷᠬᠠᠢ ᠶᠢᠨ ᠪᠤᠯᠴᠢᠷᠬᠠᠢ ᠶᠢᠨ ᠪᠤᠭᠯᠠᠭ᠎ᠠ ᠪᠠᠷ ᠰᠡᠵᠢᠭᠯᠡᠪᠡᠯ ᠬᠤᠰᠭᠢᠨᠠᠭ ᠤᠨ ᠪᠠᠶᠢᠴᠠᠭᠠᠯᠲᠠ ᠬᠢᠵᠦ ᠪᠤᠯᠤᠨ᠎ᠠ᠃ ᠦᠬᠦᠭᠰᠡᠨ ᠤ ᠳᠠᠷᠠᠭ᠎ᠠ ᠳᠤᠲᠤᠷ᠎ᠠ ᠡᠷᠬᠡᠲᠡᠨ ᠪᠣᠶᠣ ᠭᠦᠨ ᠬᠡᠰᠡᠭ ᠤᠨ ᠯᠢᠮᠹᠠ ᠪᠣᠯᠴᠤᠤ ᠳᠤ ᠪᠤᠭᠯᠠᠭ᠎ᠠ ᠢᠯᠡᠷᠡᠵᠦ᠂ ᠪᠠᠺᠲ᠋ᠧᠷᠢ ᠶᠢᠨ ᠪᠠᠶᠢᠴᠠᠭᠠᠯᠲᠠ ᠳᠤ ᠡᠷᠢᠬᠡᠨ ᠪᠠᠺᠲ᠋ᠧᠷᠢ ᠪᠠᠶᠢᠪᠠᠯ ᠪᠠᠰᠠ ᠤᠨᠤᠰᠢᠯᠠᠨ ᠲᠤᠳᠤᠯᠠᠵᠤ ᠪᠣᠯᠣᠨ᠎ᠠ᠃     ᠢᠷᠡᠯᠲᠡ᠄ ᠣᠷᠳᠤᠰ ᠬᠤᠲᠠ ᠶᠢᠨ ᠵᠠᠰᠠᠭ ᠤᠨ ᠣᠷᠳᠤᠨ 
 
ᠢᠷᠡᠯᠲᠡ᠄ ᠣᠷᠳᠤᠰ ᠬᠤᠲᠠ ᠶᠢᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004651号-2