ᠾᠧᠪᠧᠢ ᠶᠢᠨ ᠭᠠᠷᠠᠮ ᠤᠨ ᠪᠦᠯᠦᠭᠯᠡᠯ ᠤᠨ ᠼᠤᠤ ᠹᠧᠢ ᠳ᠋ᠢᠶᠠᠨ ᠭᠠᠷᠠᠮ ᠠᠴᠠ ᠬᠤᠸᠠᠳᠧ ᠶᠢᠨ ᠳᠣᠲᠣᠭᠠᠳᠤ ᠬᠠᠭᠤᠷᠠᠢ ᠶᠢᠨ ᠭᠠᠷᠠᠮ ᠳᠤ ᠬᠦᠷᠬᠦ ᠠᠩᠬᠠᠨ ᠤ ᠴᠤᠪᠤᠭ᠎ᠠ ᠲᠡᠷᠭᠡ ᠠᠮᠵᠢᠯᠲᠠ ᠲᠠᠢ ᠪᠠᠷ ᠮᠣᠷᠳᠠᠪᠠ
ᠨᠡᠶᠢᠲᠡᠯᠡᠭᠰᠡᠨ ᠴᠠᠭ᠄
2023/9/11
    9 ᠰᠠᠷ᠎ᠠ ᠶᠢᠨ 8 ᠤ ᠡᠳᠦᠷ᠂ ᠼᠤᠤ ᠹᠧᠢ ᠳ᠋ᠢᠶᠠᠨ ᠭᠠᠷᠠᠮ ᠤᠨ ᠨᠡᠶᠢᠳᠡᠮ ᠬᠡᠷᠡᠭᠯᠡᠭᠡᠨ ᠤ ᠥᠷᠲᠡᠭᠡ ᠠᠴᠠ ᠲᠡᠮᠦᠷ ᠵᠠᠮ ᠢᠶᠠᠷ ᠳᠡᠮᠵᠢᠨ ᠥᠪᠥᠷ ᠮᠣᠩᠭᠤᠯ ᠤᠨ ᠬᠤᠸᠠᠳᠧ ᠶᠢᠨ ᠵᠠᠪᠰᠠᠷ ᠡᠳ᠋ ᠪᠠᠷᠠᠭᠠᠨ ᠤ ᠭᠦᠢᠯᠭᠡᠭᠡᠨ ᠤ ᠡᠬᠡ ᠬᠠᠭᠤᠷᠠᠢ ᠶᠢᠨ ᠭᠠᠷᠠᠮ ᠤᠨ ᠶᠡᠷᠦᠩᠬᠡᠶᠢᠯᠡᠭᠰᠡᠨ ᠡᠳ᠋ ᠪᠠᠷᠠᠭᠠᠨ ᠤ ᠭᠦᠢᠯᠭᠡᠭᠡᠨ ᠤ ᠬᠦᠷᠢᠶᠡᠯᠡᠩ ᠲᠣᠭᠤᠷᠢᠭ ᠤᠨ ᠲᠡᠮᠦᠷ ᠵᠠᠮ ᠤᠨ ᠲᠤᠰᠬᠠᠢ ᠱᠤᠭᠤᠮ ᠢᠶᠠᠷ ᠠᠩᠬ᠎ᠠ ᠤᠳᠠᠭ᠎ᠠ ᠲᠡᠭᠡᠭᠡᠪᠤᠷᠢᠯᠡᠯᠲᠡ ᠬᠢᠪᠡ᠃

1.jpg

    9 ᠰᠠᠷ᠎ᠠ ᠶᠢᠨ 9  ᠤ ᠡᠳᠦᠷ ᠂ ᠼᠤᠤ ᠹᠧᠢ ᠳ᠋ᠢᠶᠠᠨ ᠭᠠᠷᠠᠮ ᠠᠴᠠ ᠬᠤᠸᠠᠳᠧ ᠶᠢᠨ ᠳᠣᠲᠣᠭᠠᠳᠤ ᠬᠠᠭᠤᠷᠠᠢ ᠶᠢᠨ

ᠭᠠᠷᠠᠮ ᠬᠦᠷᠬᠦ ᠪᠠᠷᠠᠭᠠᠨ ᠤ ᠲᠡᠮᠦᠷ ᠵᠠᠮ ᠤᠨ ᠲᠡᠭᠡᠭᠡᠪᠦᠷᠢ ᠶᠢᠨ ᠲᠡᠭᠡᠭᠡᠪᠦᠷᠢ ᠶᠢᠨ ᠰᠢᠨ᠎ᠡ ᠨᠡᠪᠲᠡᠷᠡᠬᠦ ᠵᠠᠮ ᠤᠨ ᠠᠩᠬ᠎ᠠ

ᠤᠳᠠᠭ᠎ᠠ ᠶᠢᠨ ᠲᠡᠷᠭᠡ ᠬᠥᠳᠡᠯᠬᠦ ᠳᠤ ᠰᠢᠨ᠎ᠡ ᠱᠤᠭᠤᠮ ᠢ ᠬᠡᠷᠡᠭᠯᠡᠪᠡ ᠂ ᠰᠢᠨ᠎ᠡ ᠱᠤᠭᠤᠮ ᠨᠢ ᠼᠤᠤ ᠹᠧᠢ ᠳ᠋ᠢᠶᠠᠨ

ᠭᠠᠷᠠᠮ ᠤᠨ ᠨᠡᠶᠢᠳᠡᠮ ᠬᠡᠷᠡᠭᠯᠡᠭᠡᠨ ᠤ ᠦᠷᠳᠡᠭᠡ ᠠᠴᠠ ᠮᠣᠷᠳᠠᠵᠤ ᠂ ᠲᠠᠩᠱᠠᠨ ᠪᠤᠭᠤᠲᠤ ᠶᠢᠨ ᠱᠤᠭᠤᠮ ᠢᠶᠠᠷ ᠶᠠᠪᠤᠵᠤ ᠂

ᠲᠠ ᠰᠢ ᠱᠤᠭᠤᠮ ᠢᠶᠠᠷ ᠳᠠᠮᠵᠢᠨ ᠡᠴᠦᠰ ᠲᠡᠭᠡᠨ ᠬᠤᠸᠠᠳᠧ ᠦᠷᠳᠡᠭᠡ ᠳᠤ ᠬᠦᠷᠦᠨ᠎ᠡ᠃ 9 ᠤ ᠡᠳᠦᠷ ᠤᠨ ᠥᠷᠯᠥᠭᠡ

 ᠶᠢᠨ 4 ᠴᠠᠭ 20 ᠮᠢᠨᠦ᠋ᠲ ᠲᠤ᠂ ᠥᠭᠰᠦᠬᠦ ᠭᠠᠯᠲᠤ ᠲᠡᠷᠭᠡ ᠠᠩᠬ᠎ᠠ ᠭᠠᠷᠴᠤ᠂ 10 ᠤ ᠡᠳᠦᠷ ᠤᠨ 17

ᠴᠠᠭ ᠲᠤ ᠬᠤᠸᠠᠳᠧ  ᠶᠢᠨ ᠳᠣᠲᠣᠭᠠᠳᠤ ᠬᠠᠭᠤᠷᠠᠢ ᠶᠢᠨ ᠭᠠᠷᠠᠮ ᠳᠤ ᠬᠦᠷᠴᠦ᠂ ᠶᠡᠷᠦᠩᠬᠡᠢ ᠠᠶᠠᠯᠠᠯ ᠤᠨ ᠴᠠᠭ ᠨᠢ

20 ᠴᠠᠭ ᠪᠣᠯᠣᠨ᠎ᠠ᠃ ᠤᠤᠯ ᠤᠨ ᠵᠠᠮ ᠱᠤᠭᠤᠮ ᠲᠠᠢ ᠬᠠᠷᠢᠴᠠᠭᠤᠯᠪᠠᠯ᠂ ᠰᠢᠨ᠎ᠡ ᠵᠠᠮ ᠱᠤᠭᠤᠮ ᠤᠨ ᠲᠡᠭᠡᠭᠡᠪᠦᠷᠢᠯᠡᠬᠦ

ᠵᠠᠢ ᠨᠢ 37 ᠺᠢᠯᠣᠮᠧᠲᠷ ᠪᠣᠭᠤᠨᠢᠰᠴᠤ᠂ ᠲᠡᠭᠡᠭᠡᠪᠦᠷᠢᠯᠡᠬᠦ ᠴᠠᠭ ᠤᠨ ᠣᠷᠳᠣ ᠨᠢ 72 ᠴᠠᠭ ᠪᠠᠶᠢᠭᠰᠠᠨ ᠠᠴᠠ ᠪᠠᠨ

24 ᠴᠠᠭ ᠤᠨ ᠳᠣᠲᠣᠷ᠎ᠠ ᠪᠣᠭᠤᠨᠢᠰᠴᠠᠢ᠃

2.jpg

    ᠬᠤᠸᠠᠳᠧ— ᠼᠤᠤ ᠹᠧᠢ ᠳ᠋ᠢᠶᠠᠨ ᠭᠠᠷᠠᠮ ᠤᠨ ᠤᠷᠤᠭᠤᠳᠠᠬᠤ ᠴᠤᠪᠤᠭ᠎ᠠ ᠲᠡᠷᠭᠡ ᠬᠤᠸᠠᠳᠧ  ᠶᠢᠨ ᠳᠣᠲᠣᠭᠠᠳᠤ

ᠬᠠᠭᠤᠷᠠᠢ ᠶᠢᠨ ᠭᠠᠷᠠᠮ— ᠰᠠᠩ ᠤᠨ ᠲᠡᠯᠡᠶ— ᠰᠤᠪᠤᠷᠭᠠᠲᠤ ᠰᠢᠷ᠎ᠠ ᠬᠤᠰᠢᠭᠤ— ᠼᠤᠤ ᠹᠧᠢ ᠳ᠋ᠢᠶᠠᠨ

ᠥᠷᠲᠡᠭᠡ ᠶᠢᠨ ᠨᠡᠶᠢᠳᠡᠮ ᠬᠡᠷᠡᠭᠯᠡᠬᠦ ᠭᠠᠷᠠᠮ ᠳᠤ 4 ᠴᠠᠭ ᠲᠡᠷᠭᠡ ᠨᠡᠮᠡᠵᠦ ᠪᠠᠭᠤᠯᠭᠠᠵᠤ᠂ ᠶᠡᠷᠦᠩᠬᠡᠢ ᠠᠶᠠᠯᠠᠯ ᠤᠨ ᠴᠠᠭ

 ᠨᠢ ᠪᠠᠷᠤᠭ 26.1 ᠴᠠᠭ ᠪᠣᠯᠣᠨ᠎ᠠ︔ ᠥᠭᠰᠦᠬᠦ ᠭᠠᠯᠲᠤ ᠲᠡᠷᠭᠡ ᠼᠤᠤ ᠹᠧᠢ ᠳ᠋ᠢᠶᠠᠨ ᠥᠷᠲᠡᠭᠡᠨ ᠤ ᠨᠡᠶᠢᠳᠡᠮ

ᠬᠡᠷᠡᠭᠯᠡᠬᠦ ᠭᠠᠷᠠᠮ— ᠰᠤᠪᠤᠷᠭᠠᠲᠤ ᠰᠢᠷ᠎ᠠ ᠬᠤᠰᠢᠭᠤ— ᠰᠠᠩ ᠤᠨ ᠳᠠᠯᠠᠢ—  ᠬᠤᠸᠠᠳᠧ  ᠶᠢᠨ ᠳᠣᠲᠣᠭᠠᠳᠤ

ᠬᠠᠭᠤᠷᠠᠢ ᠶᠢᠨ ᠭᠠᠷᠠᠮ ᠳᠤ ᠲᠡᠭᠡᠭᠡᠪᠤᠷᠢ ᠨᠡᠮᠡᠵᠦ ᠪᠠᠭᠤᠯᠭᠠᠬᠤ 4 ᠴᠠᠭ ᠬᠡᠷᠡᠭᠰᠡᠵᠦ᠂ ᠭᠠᠯᠲᠤ ᠲᠡᠷᠭᠡᠨ ᠤ ᠶᠡᠷᠦᠩᠬᠡᠢ

ᠠᠶᠠᠯᠠᠯ ᠤᠨ ᠴᠠᠭ ᠨᠢ 20.1 ᠴᠠᠭ ᠪᠣᠯᠣᠨ᠎ᠠ᠃

    ᠲᠤᠰ ᠱᠤᠭᠤᠮ ᠢᠶᠠᠷ ᠥᠩᠭᠡᠷᠡᠬᠦ ᠳᠤ᠂ ᠼᠤᠤ ᠹᠧᠢ ᠳ᠋ᠢᠶᠠᠨ ᠭᠠᠷᠠᠮ ᠠᠴᠠ ᠬᠤᠸᠠᠳᠧ ᠬᠦᠷᠬᠦ ᠥᠩᠭᠡᠲᠦ

ᠲᠡᠮᠦᠷᠯᠢᠭ ᠤᠨ ᠠᠭᠤᠷᠬᠠᠢ ᠶᠢᠨ ᠲᠡᠭᠡᠭᠡᠪᠦᠷᠢ ᠶᠢᠨ ᠥᠪᠡᠷ ᠤᠨ ᠥᠷᠲᠡᠭ ᠢᠯᠡᠳᠲᠡ ᠪᠠᠭᠤᠷᠠᠵᠤ᠂ ᠬᠦᠴᠦᠨ ᠲᠠᠢ

ᠬᠤᠭᠤᠴᠠᠭ᠎ᠠ ᠨᠢ ᠶᠡᠭᠡ ᠪᠠᠷ ᠳᠡᠭᠡᠭᠰᠢᠯᠡᠵᠦ᠂ ᠼᠤᠤ ᠹᠧᠢ ᠳ᠋ᠢᠶᠠᠨ ᠭᠠᠷᠠᠮ ᠬᠢᠭᠡᠳ ᠬᠤᠸᠠᠳᠧ ᠶᠢᠨ ᠲᠤᠬᠠᠢ ᠶᠢᠨ

ᠭᠠᠵᠠᠷ ᠤᠨ ᠲᠡᠮᠦᠷ ᠤᠨ ᠬᠠᠶᠢᠯᠤᠰᠢ ᠶᠢᠨ ᠠᠵᠤ ᠠᠬᠤᠶᠢᠯᠠᠯ ᠤᠨ ᠬᠠᠮᠲᠤᠷᠠᠯᠴᠠᠭ᠎ᠠ ᠳᠤ ᠮᠠᠰᠢ ᠰᠠᠶᠢᠨ ᠠᠬᠢᠭᠤᠯᠬᠤ

ᠦᠢᠯᠡᠳᠦᠯ ᠲᠠᠢ ᠶᠤᠮ᠂ ᠬᠤᠶᠠᠷ ᠦᠵᠦᠭᠦᠷ ᠤᠨ ᠥᠷᠲᠡᠭᠡ ᠴᠡᠭ ᠵᠢᠴᠢ ᠰᠢᠨ᠎ᠡ ᠨᠡᠪᠲᠡᠷᠡᠬᠦ ᠵᠠᠮ ᠤᠨ ᠬᠤᠸᠠᠳᠧ

ᠰᠢᠶᠠᠨ ᠳᠤ ᠲᠦᠰᠢᠭᠯᠡᠨ ᠼᠤᠤ ᠹᠧᠢ ᠳ᠋ᠧ ᠭᠠᠷᠠᠮ ᠵᠢᠴᠢ ᠡᠷᠬᠢᠨ ᠲᠣᠭᠤᠷᠢᠨ ᠤ ᠲᠤᠬᠠᠶᠢᠯᠠᠭᠰᠠᠨ ᠠᠵᠢᠯ ᠢ ᠶᠡᠭᠡ ᠪᠠᠷ

ᠥᠷᠭᠡᠳᠬᠡᠵᠦ᠂ ᠬᠤᠸᠠᠳᠧ ᠰᠢᠶᠠᠨ ᠤ ᠳᠣᠲᠣᠷ᠎ᠠ ᠭᠠᠵᠠᠷ ᠲᠠᠬᠢ ᠬᠦᠭᠵᠢᠯᠲᠡ ᠶᠢ ᠥᠷᠭᠡᠳᠬᠡᠬᠦ᠂ ᠣᠷᠣᠭᠤᠯᠵᠤ

ᠭᠠᠷᠭᠠᠬᠤ ᠬᠡᠮᠵᠢᠶ᠎ᠡ ᠶᠢ ᠳᠡᠭᠡᠭᠰᠢᠯᠡᠭᠦᠯᠬᠦ᠂ ᠲᠦᠷᠭᠡᠨ ᠬᠥᠭᠵᠢᠭᠦᠯᠬᠦ ᠳᠤ ᠬᠦᠴᠦᠨ ᠨᠡᠮᠡᠷᠢᠯᠡᠨ᠎ᠡ᠃

    ᠲᠤᠰ ᠳᠣᠲᠣᠭᠠᠳᠤ ᠬᠠᠭᠤᠷᠠᠢ ᠶᠢᠨ ᠭᠠᠷᠠᠮ ᠤᠨ ᠡᠵᠡᠩᠨᠡᠯᠲᠡ ᠬᠤᠸᠠᠳᠧ ᠰᠢᠶᠠᠨ ᠤ ᠬᠢᠨ ᠤᠯᠠᠭᠠᠨᠴᠠᠪ ᠤᠨ

ᠪᠦᠲᠦᠭᠡᠨ ᠪᠠᠶᠢᠭᠤᠯᠤᠯᠲᠠ ᠳᠤ ᠢᠳᠡᠪᠬᠢᠲᠡᠢ ᠠᠭᠤᠰᠤᠯᠴᠠᠵᠤ ᠂ ᠪᠡᠭᠡᠵᠢᠩ ᠲᠢᠶᠠᠨᠵᠢᠨ ᠾᠧᠪᠧᠢ ᠪᠣᠯᠣᠨ ᠡᠷᠢᠶᠡᠨ

ᠬᠤᠳᠠ ᠶᠢᠨ ᠬᠠᠷᠢᠯᠴᠠᠨ ᠨᠡᠪᠲᠡᠷᠡᠯᠴᠡᠬᠦ ᠴᠢᠬᠤᠯᠠ ᠵᠠᠩᠭᠢᠯᠠᠭ᠎ᠠ ᠶᠢᠨ ᠬᠤᠳᠠ ᠶᠢ ᠪᠦᠬᠦ ᠬᠦᠴᠦᠨ ᠢᠶᠠᠷ ᠢᠶᠠᠨ ᠪᠦᠲᠦᠭᠡᠨ

ᠪᠠᠶᠢᠭᠤᠯᠬᠤ ᠴᠢᠬᠤᠯᠠ ᠠᠷᠭ᠎ᠠ ᠬᠡᠮᠵᠢᠶ᠎ᠡ ᠪᠠᠶᠢᠵᠤ ᠂ ᠬᠤᠸᠠᠳᠧ ᠰᠢᠶᠠᠨ ᠳᠤ ᠪᠣᠬᠢᠷᠲᠤᠯ ᠦᠭᠡᠢ ᠣᠷᠴᠢᠨ ᠲᠣᠭᠤᠷᠢᠨ ᠢ

ᠬᠠᠮᠠᠭᠠᠯᠠᠬᠤ ᠂ ᠠᠮᠤᠷ ᠲᠦᠪᠰᠢᠨ ᠳᠥᠭᠦᠮ ᠳᠥᠲᠡ᠂ ᠠᠵᠤ ᠠᠬᠤᠢ ᠶᠢᠨ ᠥᠨᠳᠥᠷ ᠦᠷ᠎ᠡ ᠠᠰᠢᠭ ᠲᠠᠢ ᠲᠠᠯᠠᠢ ᠳᠤ

ᠭᠠᠷᠬᠤ ᠵᠥᠭᠡᠭᠡᠪᠦᠷᠢ ᠶᠢᠨ ᠰᠢᠨ᠎ᠡ ᠵᠠᠮ ᠢ ᠨᠡᠭᠡᠭᠡᠵᠦ ᠂ ᠤᠮᠠᠷᠠᠰᠢ ᠨᠡᠭᠡᠭᠡᠯᠲᠡ ᠬᠢᠬᠦ ᠴᠢᠬᠤᠯᠠ ᠪᠠᠬᠢᠯᠡᠯᠲᠡ ᠶᠢ ᠪᠦᠬᠦ

ᠬᠦᠴᠦᠨ ᠢᠶᠠᠷ ᠢᠶᠠᠨ ᠪᠦᠲᠦᠭᠡᠨ ᠪᠠᠶᠢᠭᠤᠯᠬᠤ ᠳᠤ ᠪᠠᠲᠤ ᠪᠠᠬᠢ ᠰᠠᠭᠤᠷᠢ ᠶᠢ ᠲᠠᠯᠪᠢᠵᠤ ᠥᠭᠴᠡᠢ ᠃

ᠵᠣᠬᠢᠶᠠᠭᠴᠢ᠄ ᠬᠤᠸᠠᠳᠧ ᠰᠢᠶᠠᠨ ᠤ ᠠᠷᠠᠳ ᠤᠨ ᠵᠠᠰᠠᠭ ᠤᠨ ᠣᠷᠳᠤᠨ

ᠣᠷᠴᠢᠭᠤᠯᠤᠭᠴᠢ᠄ ᠣᠳᠣᠨᠭᠡᠷᠡᠯ

ᠢᠷᠡᠯᠲᠡ᠄ ᠠᠮᠢᠵᠢᠷᠠᠯ ᠪᠢᠯᠬᠠᠭᠰᠠᠨ ᠬᠤᠸᠠᠳᠧ

 

 

 

 

 

 

 

 
ᠢᠷᠡᠯᠲᠡ᠄ ᠠᠮᠢᠵᠢᠷᠠᠯ ᠪᠢᠯᠬᠠᠭᠰᠠᠨ ᠬᠤᠸᠠᠳᠧ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004651号-2