ᠬᠠᠨᠢᠶᠠᠳᠤ ᠶᠢ ᠵᠠᠰᠠᠬᠤ ᠵᠣᠷ
ᠨᠡᠶᠢᠲᠡᠯᠡᠭᠰᠡᠨ ᠴᠠᠭ᠄
2023/9/12
     ᠪᠤᠷᠠᠮ᠂ ᠭᠠ᠂ ᠴᠢᠪᠠᠭ᠎ᠠ ᠶᠢᠨ ᠱᠥᠯᠥ ᠬᠢᠮᠤᠷᠠᠭ᠎ᠠ ᠬᠠᠨᠢᠶᠠᠳᠤ ᠶᠢ ᠵᠠᠰᠠᠨ᠎ᠠ᠃ ᠪᠤᠷᠠᠮ 30 ᠭᠷᠡᠮ᠂ ᠭᠠ 15 ᠭᠷᠡᠮ᠂ ᠤᠯᠠᠭᠠᠨ ᠴᠢᠪᠠᠭ᠎ᠠ 30 ᠭᠷᠡᠮ᠃ ᠭᠤᠷᠪᠠᠨ ᠠᠶᠠᠭ᠎ᠠ ᠤᠰᠤ ᠶᠢ ᠬᠠᠭᠠᠰ ᠦᠯᠡᠳᠡᠲᠡᠯ᠎ᠡ ᠴᠢᠨᠠᠵᠤ ᠤᠤᠭᠤᠪᠠᠯ᠂ ᠪᠠᠭ᠋ᠠᠨ ᠬᠥᠯᠥᠷᠡᠭᠰᠡᠨ ᠤ ᠳᠠᠷᠠᠭ᠎ᠠ ᠡᠪᠡᠳᠴᠢᠨ ᠰᠠᠶᠢᠨ ᠪᠣᠯᠳᠠᠭ᠃            ᠰᠢᠶᠠᠩᠼᠠᠢ ᠶᠢᠨ ᠱᠥᠯᠥ ᠬᠢᠮᠤᠷᠠᠭ᠎ᠠ ᠠᠴᠠ ᠪᠣᠯᠤᠭᠰᠠᠨ ᠬᠠᠨᠢᠶᠠᠳᠤ ᠶᠢ ᠳᠠᠷᠤᠨ᠎ᠠ᠃ ᠰᠢᠶᠠᠩᠼᠠᠢ 30 ᠭᠷᠡᠮ᠂ ᠰᠢᠬᠢᠷ 30 ᠭᠷᠡᠮ᠂ ᠲᠤᠲᠤᠷᠭ᠎ᠠ 100 ᠭᠷᠡᠮ᠃ ᠲᠤᠲᠤᠷᠭ᠎ᠠ ᠪᠠᠨ ᠰᠠᠶᠢᠲᠤᠷ ᠤᠬᠢᠶᠠᠨ ᠴᠢᠨᠠᠵᠤ᠂ ᠲᠤᠲᠤᠷᠭ᠎ᠠ ᠶᠢᠨ ᠰᠥᠮᠥᠰᠤ 3 ᠬᠠᠯᠪᠠᠭ᠎ᠠ ᠳᠡᠭᠡᠷ᠎ᠡ ᠰᠢᠶᠠᠩᠼᠠᠢ᠂ ᠰᠢᠬᠢᠷ ᠢᠶᠠᠨ ᠬᠢᠵᠦ 10 ᠮᠢᠨᠦ᠋ᠲ ᠵᠢᠩᠨᠡᠨ᠎ᠡ᠃ ᠬᠠᠯᠠᠭᠤᠨ ᠢᠶᠠᠷ ᠨᠢ ᠤᠤᠭᠤᠪᠠᠯ ᠬᠢᠮᠤᠷᠠᠭ᠎ᠠ ᠠᠴᠠ ᠪᠣᠯᠤᠭᠰᠠᠨ ᠬᠠᠨᠢᠶᠠᠳᠤ ᠶᠢ ᠵᠠᠰᠠᠨ᠎ᠠ᠃           ᠴᠠᠭᠠᠨ ᠯᠤᠤᠪᠠᠩ ᠪᠠᠯ ᠬᠦᠢᠲᠡᠨ ᠬᠠᠨᠢᠶᠠᠳᠤ ᠶᠢ ᠵᠠᠰᠠᠨ᠎ᠠ᠃ ᠴᠠᠭᠠᠨ ᠯᠤᠤᠪᠠᠩ 1᠂ ᠪᠠᠯ 30 ᠭᠷᠡᠮ᠂ ᠴᠠᠭᠠᠨ ᠬᠤᠤᠵᠤᠤ 5 ᠮᠥᠬᠦᠯᠢᠭ᠂ ᠵᠡᠭᠡᠷᠭᠡᠨ᠎ᠡ 2 ᠭᠷᠡᠮ᠃ ᠯᠤᠤᠪᠠᠩ ᠢᠶᠠᠨ ᠤᠬᠢᠶᠠᠵᠤ ᠬᠡᠷᠴᠢᠭᠡᠳ ᠠᠶᠠᠭᠠᠨ ᠳᠤ ᠬᠢᠵᠦ᠂ ᠪᠠᠯ᠂ ᠴᠠᠭᠠᠨ ᠬᠤᠤᠵᠤᠤ᠂ ᠵᠡᠭᠡᠷᠭᠡᠨ᠎ᠡ ᠲᠠᠢ ᠬᠠᠭᠠᠰ ᠴᠠᠭ ᠵᠢᠩᠨᠡᠭᠡᠳ ᠬᠠᠯᠠᠭᠤᠨ ᠢᠶᠠᠷ ᠨᠢ ᠤᠤᠭᠤᠨ᠎ᠠ᠃       ᠴᠡᠭᠡ ᠬᠠᠯᠠᠭᠤᠨ ᠢ ᠬᠥᠭᠡᠭᠡᠵᠦ ᠬᠠᠨᠢᠶᠠᠳᠤ ᠶᠢ ᠵᠣᠭᠰᠣᠭᠠᠨ᠎ᠠ᠃ ᠴᠡᠭᠡ 300 ᠮᠢᠯᠢᠯᠢᠲᠷ᠂ ᠴᠠᠭᠠᠨ ᠰᠢᠬᠢᠷ ᠪᠠᠭ᠎ᠠ ᠬᠢᠨ᠎ᠡ᠃ ᠴᠡᠭᠡ ᠪᠠᠨ ᠪᠤᠴᠠᠯᠭᠠᠭᠰᠠᠨ ᠤ ᠳᠠᠷᠠᠭ᠎ᠠ ᠤᠤᠭᠤᠬᠤ ᠦᠶᠡᠰ ᠴᠠᠭᠠᠨ ᠰᠢᠬᠢᠷ ᠬᠢᠨ᠎ᠡ᠃ ᠴᠡᠭᠡ ᠨᠢ ᠤᠮᠳᠠ ᠲᠠᠶᠢᠯᠵᠤ ᠬᠠᠯᠠᠭᠤᠨ ᠢ ᠬᠥᠭᠡᠭᠡᠬᠦ᠂ ᠴᠢᠰᠤ ᠨᠥᠬᠦᠬᠦ᠂ ᠬᠠᠨᠢᠶᠠᠳᠤ ᠶᠢ ᠵᠣᠭᠰᠤᠭᠠᠬᠤ ᠦᠢᠯᠡᠳᠦᠯ ᠲᠠᠢ᠃ ᠠᠭᠤᠰᠬᠢᠨ ᠰᠦᠷᠢᠶ᠎ᠡ᠂ ᠬᠠᠨᠢᠶᠠᠳᠤ ᠶᠢ ᠵᠠᠰᠠᠬᠤ ᠪᠠ ᠬᠠᠯᠠᠭᠤᠨ ᠢ ᠰᠡᠷᠭᠡᠶᠢᠯᠡᠬᠦ ᠳᠤ ᠣᠨᠴᠠ ᠶᠢᠨ ᠲᠤᠰᠠᠲᠠᠢ᠃   ᠢᠷᠡᠯᠲᠡ᠄ ᠬᠦᠬᠡᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ  
 
ᠢᠷᠡᠯᠲᠡ᠄ ᠬᠦᠬᠡᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004651号-2