ᠡᠪᠡᠳᠴᠢᠯᠡᠭᠰᠡᠨ ᠬᠡᠦᠬᠡᠳ ᠢ ᠬᠡᠷᠬᠢᠨ ᠨᠠᠮ ᠵᠢᠮ ᠪᠠᠶᠢᠯᠭᠠᠬᠤ ᠪᠤᠢ︖
ᠨᠡᠶᠢᠲᠡᠯᠡᠭᠰᠡᠨ ᠴᠠᠭ᠄
2024/10/16

   ᠬᠡᠷᠪᠡ ᠬᠡᠤᠬᠡᠳ ᠡᠪᠡᠳᠴᠢᠯᠡᠭᠡᠳ ᠪᠠᠰᠠ ᠣᠷᠣᠨ ᠳᠡᠭᠡᠷ᠎ᠡ ᠪᠠᠨ ᠬᠡᠪᠲᠡᠬᠦ ᠳᠤᠷ᠎ᠠ ᠦᠭᠡᠢ ᠪᠣᠯ ᠣᠶᠤᠨ ᠰᠠᠨᠠᠭᠠᠨ ᠤ

ᠪᠠᠶᠢᠳᠠᠯ ᠨᠢ ᠰᠠᠶᠢᠨ ᠪᠠᠶᠢᠬᠤ ᠶᠢ ᠬᠠᠷᠠᠭᠤᠯᠵᠤ ᠪᠠᠶᠢᠨ᠎ᠠ᠂ ᠡᠭᠦᠨ ᠤ ᠬᠠᠮᠲᠤ ᠪᠠᠰᠠ ᠬᠡᠤᠬᠡᠳ ᠤᠨ ᠡᠪᠡᠳᠴᠢᠨ ᠨᠢ

ᠬᠥᠩᠭᠡᠨ ᠰᠢᠭ ᠪᠠᠶᠢᠬᠤ ᠶᠢ ᠮᠠᠭᠠᠳᠯᠠᠨ ᠮᠡᠳᠡᠵᠣ᠂ ᠠᠯᠪᠠ ᠪᠠᠷ ᠤᠨᠲᠠᠭᠤᠯᠬᠤ ᠦᠭᠡᠢ ᠪᠠᠶᠢᠵᠤ ᠪᠣᠯᠤᠨ᠎ᠠ᠃ ᠬᠡᠷᠪᠡ

ᠬᠡᠣᠬᠡᠳ ᠡᠪᠡᠳᠴᠢᠯᠡᠭᠡᠳ ᠤᠬᠢᠯᠠᠭᠠᠳ ᠵᠣᠭᠰᠣᠬᠤ ᠦᠭᠡᠢ᠂ ᠲᠡᠪᠡᠷᠢᠭᠰᠡᠭᠡᠷ ᠯᠡ ᠨᠠᠮ ᠵᠢᠮ ᠤᠨᠲᠠᠪᠠᠯ᠂ ᠡᠴᠢᠭᠡ

ᠡᠬᠡ ᠨᠢ ᠵᠢᠭᠠᠬᠠᠨ ᠵᠦᠳᠡᠷᠡᠯᠲᠡᠶ ᠪᠠᠶᠢᠵᠤ᠂ ᠰᠥᠨᠢᠵᠢᠨ ᠬᠡᠦᠬᠡᠳ ᠢᠶᠠᠨ ᠲᠡᠪᠡᠷᠢᠭᠡᠳ ᠣᠨᠲᠠᠭᠤᠯᠪᠠᠯ ᠵᠣᠬᠢᠨ᠎ᠠ᠃

ᠬᠡᠤᠬᠡᠳ ᠬᠠᠯᠠᠭᠤᠷᠠᠬᠤ ᠳᠤ ᠪᠦᠬᠦ ᠪᠡᠶ᠎ᠡ ᠨᠢ ᠴᠡᠴᠡᠷᠡᠵᠦ᠂ ᠭᠠᠷ ᠬᠥᠯ ᠨᠢ ᠭᠦᠪ ᠬᠦᠢᠲᠡᠨ᠂ ᠴᠢᠷᠠᠶ ᠨᠢ ᠬᠥᠬᠡᠷᠡᠳᠡᠭ᠂

ᠡᠨᠡ ᠦᠶ᠎ᠡ ᠳᠤ ᠬᠠᠯᠠᠭᠤᠨ ᠤᠰᠤᠨ ᠤ ᠤᠭᠤᠲᠠ᠂ ᠴᠠᠬᠢᠯᠭᠠᠨ ᠳᠡᠪᠢᠰᠬᠡᠷ ᠵᠡᠷᠭᠡ ᠪᠠᠷ ᠣᠷᠣ ᠪᠠᠨ

ᠳᠤᠯᠠᠭᠠᠴᠠᠭᠤᠯᠤᠭᠠᠳ ᠬᠡᠤᠬᠡᠳ ᠢ ᠤᠨᠲᠠᠭᠤᠯᠣᠨ᠎ᠠ᠃ ᠬᠡᠷᠪᠡ ᠰᠢᠲᠠᠮ᠎ᠠ ᠬᠠᠯᠠᠭᠤᠨ ᠵᠤᠨ ᠤ ᠴᠠᠭ ᠲᠤ ᠬᠡᠤᠬᠡᠳ

ᠬᠠᠯᠠᠭᠤᠷᠪᠠᠯ ᠴᠣᠩᠬᠤ ᠪᠠᠨ ᠨᠡᠭᠡᠭᠡᠵᠦ ᠠᠭᠠᠷ ᠨᠡᠪᠲᠡᠷᠡᠭᠦᠯᠬᠦ ᠬᠡᠷᠡᠭᠲᠡᠶ᠃ ᠤᠴᠢᠷ ᠨᠢ ᠡᠨᠡ ᠦᠶ᠎ᠡ ᠳᠤ

ᠡᠭᠦᠳᠡ ᠴᠣᠩᠬᠤ ᠪᠠᠨ ᠬᠠᠭᠠᠭᠰᠠᠨ ᠠᠴᠠ ᠬᠡᠤᠬᠡᠳ ᠠᠮᠠᠷᠬᠠᠨ ᠤᠨᠲᠠᠳᠠᠭ ᠦᠭᠡᠢ᠃ ᠬᠡᠤᠬᠡᠳ ᠠᠮᠠᠷᠠᠬᠤ 

ᠦᠶ᠎ᠡ ᠳᠤ ᠠᠪᠤ ᠡᠵᠢ ᠨᠢ ᠴᠢᠳᠠᠬᠤ ᠶᠢᠨ ᠬᠢᠷᠢ ᠪᠠᠷ ᠬᠡᠣᠬᠡᠳ ᠢ ᠦᠢᠮᠡᠭᠦᠯᠬᠦ ᠦᠭᠡᠢ ᠪᠠᠶᠢᠬᠤ ᠬᠡᠷᠡᠭᠲᠡᠢ᠂

ᠪᠡᠶ᠎ᠡ ᠶᠢᠨ ᠳᠤᠯᠠᠭᠠᠨ ᠢ ᠬᠡᠮᠵᠢᠬᠦ᠂ ᠤᠰᠤ᠂ ᠡᠮ ᠤᠤᠭᠤᠯᠭᠠᠬᠤ ᠨᠢ ᠬᠡᠤᠬᠡᠳ ᠢ ᠶᠠᠳᠠᠷᠠᠭᠤᠯᠤᠨ᠎ᠠ᠃ 

ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ

ᠪᠡᠯᠡᠳᠭᠡᠭᠰᠡᠨ ᠨᠢ᠄ ᠭᠠᠩᠭ᠎ᠠ

 

 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004651号-2