︽1964 ᠣᠨ ᠳᠤ ᠤᠤᠯ ᠤᠨ ᠰᠠᠬᠢᠨ ᠬᠠᠮᠠᠭᠠᠯᠠᠬᠤ ᠨᠢᠭᠡᠳᠦᠭᠡᠷ ᠳ᠋ᠢᠸᠢᠽᠢ ᠶᠢᠨ ᠬᠡᠳᠦᠨ ᠲᠦᠮᠡᠨ ᠳᠠᠷᠤᠭ᠎ᠠ | ᠪᠠᠶᠢᠯᠳᠤᠭᠴᠢᠳ ᠴᠢᠦ ᠯᠢᠩ ᠭᠧᠦ ᠳᠤ ᠣᠷᠣᠵᠤ ᠰᠠᠭᠤᠨ᠂ ᠮᠠᠭᠤ ᠣᠷᠴᠢᠨ ᠲᠣᠭᠤᠷᠢᠨ ᠤ ᠨᠥᠬᠦᠴᠡᠯ ᠳᠣᠣᠷ᠎ᠠ᠂ | ᠣᠪᠣᠬᠠᠢ ᠳᠤ ᠰᠠᠭᠤᠵᠤ ᠪᠠᠬᠢᠯᠡᠯᠲᠡ ᠵᠠᠰᠠᠵᠤ᠂ ᠳᠠᠷᠤᠭ᠎ᠠ ᠪᠠᠶᠢᠯᠳᠤᠭᠴᠢᠳ ᠥᠨᠳᠦᠷᠯᠢᠭ ᠤᠨ ᠭᠦᠨ ᠬᠦᠢᠲᠡᠨ ᠳᠤ | ᠲᠡᠰᠪᠦᠷᠢᠲᠡᠢ᠂ ᠰᠠᠯᠬᠢ ᠡᠯᠡᠰᠦ ᠠᠴᠠ ᠠᠶᠤᠬᠤ ᠦᠭᠡᠢ ᠭᠠᠨ ᡁᠢ ᠮᠧᠢ ᠪᠠᠷ ᠥᠪᠡᠷ ᠢ ᠪᠠᠨ ᠳᠦᠷᠰᠦᠯᠡᠭᠦᠯᠦᠭᠰᠡᠨ | ᠪᠣᠯᠬᠤᠷ ︿ᠭᠠᠨ ᡁᠢ ᠮᠧᠢ ᠶᠢᠨ ᠵᠣᠷᠢᠭ ᠰᠠᠨᠠᠭ᠎ᠠ﹀ ᠲᠠᠢ ᠪᠣᠯᠤᠭᠰᠠᠨ ᠶᠤᠮ︾ ᠭᠡᠵᠡᠢ᠃ ᠲᠦᠷᠦᠭᠦᠬᠡᠨ᠂ ᠨᠢᠭᠡ | ᠤᠳᠠᠭᠠᠨ ᠤ ᠤᠯᠤᠰ ᠤᠨ ᠪᠠᠲᠤᠯᠠᠨ ᠬᠠᠮᠠᠭᠠᠯᠠᠯᠲᠠ ᠶᠢᠨ ᠬᠥᠮᠦᠵᠢᠯ ᠤᠨ ᠠᠵᠢᠯᠯᠠᠭ᠎ᠠ ᠳᠤᠮᠳᠠ᠂ ᠤᠯᠠᠭᠠᠨᠴᠠᠪ | ᠬᠤᠲᠠ ᠶᠢᠨ ᠬᠤᠸᠠᠳᠧ ᠰᠢᠶᠠᠨ ᠤ ᠠᠷᠠᠳ ᠤᠨ ᠵᠡᠪᠰᠡᠭᠲᠦ ᠬᠦᠴᠦᠨ ᠤ ᠬᠡᠯᠲᠡᠰ ᠤᠨ ᠠᠵᠢᠯᠲᠠᠨ ᠰᠤᠷᠤᠭᠴᠢᠳ ᠲᠤ | ︽ᠭᠠᠨ ᡁᠢ ᠮᠧᠶ ᠶᠢᠨ ᠵᠣᠷᠢᠭ ᠰᠠᠨᠠᠭ᠎ᠠ︾ ᠶᠢᠨ ᠢᠷᠡᠯᠲᠡ ᠶᠢ ᠶᠠᠷᠢᠭᠰᠠᠨ ᠪᠠᠶᠢᠨ᠎ᠠ᠃ | ︽︿ᠭᠠᠨ ᡁᠢ ᠮᠧᠢ ᠶᠢᠨ ᠵᠣᠷᠢᠭ ᠰᠠᠨᠠᠭ᠎ᠠ﹀ ᠨᠢ ᠬᠤᠸᠠᠳᠧ ᠰᠢᠶᠠᠨ ᠤ ᠣᠨᠴᠠ ᠲᠣᠭᠲᠠᠭᠰᠠᠨ ᠲᠡᠦᠬᠡᠨ ᠴᠠᠭ | ᠦᠶ᠎ᠡ ᠳᠤ ᠠᠭᠰᠢᠷᠠᠵᠤ᠂ ᠤᠶᠤᠨ ᠰᠠᠨᠠᠭᠠᠨ ᠤ ᠬᠦᠴᠦᠨ ᠢ ᠳᠠᠮᠵᠢᠭᠤᠯᠬᠤ ᠨᠤᠲᠤᠭ ᠤᠨ ᠬᠤᠪᠢᠰᠬᠠᠯ ᠤᠨ ᠰᠣᠶᠣᠯ | ᠪᠣᠯᠤᠭᠰᠠᠨ ᠤ ᠬᠤᠪᠢ ᠳᠤ᠂ ᠦᠷᠭᠦᠯᠵᠢᠯᠡᠨ ᠴᠡᠷᠢᠭ ᠠᠩᠬᠢ ᠶᠢᠨ ᠢᠷᠠᠭᠤ ᠠᠯᠳᠠᠷᠲᠤ ᠤᠯᠠᠮᠵᠢᠯᠠᠯ ᠢ ᠢᠯᠡᠷᠡᠭᠦᠯᠵᠦ᠂ | ᠴᠡᠷᠢᠭ ᠬᠥᠮᠦᠨ ᠤ ᠰᠢᠯᠢᠳᠡᠭ ᠰᠤᠷᠲᠠᠯ ᠢ ᠢᠯᠡᠷᠡᠭᠦᠯᠵᠦ᠂ ᠦᠷᠳᠡᠭ ᠤᠨ ᠠᠭᠤᠯᠤᠭᠳᠠᠬᠤᠨ ᠨᠢ ᠠᠯᠢ ᠡᠷᠲᠡ ᠨᠠᠮ | ᠵᠠᠰᠠᠭ ᠴᠡᠷᠢᠭ ᠴᠠᠭᠳᠠᠭ᠎ᠠ ᠠᠷᠠᠳ ᠤᠨ ᠴᠢᠰᠤᠨ ᠰᠤᠳᠠᠰᠤ ᠳᠤ ᠠᠭᠤᠰᠤᠯᠴᠠᠵᠤ᠂ ᠲᠡᠰᠪᠦᠷᠢ ᠬᠠᠲᠠᠭᠤᠵᠢᠯᠲᠠᠢ | ᠲᠡᠮᠡᠴᠡᠬᠦ᠂ ᠡᠭᠦᠷᠭᠡ ᠬᠠᠷᠢᠭᠤᠴᠠᠯᠭ᠎ᠠ ᠡᠭᠦᠷᠭᠡᠯᠡᠬᠦ ᠤᠶᠤᠨ ᠰᠠᠨᠠᠭᠠᠨ ᠤ ᠬᠦᠴᠦᠨ ᠢ ᠨᠢᠭᠲᠠᠷᠠᠭᠤᠯᠤᠭᠰᠠᠨ ᠪᠠᠶᠢᠨ᠎ᠠ︾ | ᠭᠡᠵᠦ ᠬᠡᠯᠡᠪᠡ᠃ ᠬᠤᠧᠳᠧ ᠰᠢᠶᠠᠨ ᠤ ᠠᠷᠠᠳ ᠤᠨ ᠵᠡᠪᠰᠡᠭᠲᠦ ᠬᠦᠴᠦᠨ ᠤ ᠬᠡᠯᠲᠡᠰ ᠤᠨ ᠬᠠᠮᠢᠶ᠎ᠠ ᠪᠦᠬᠦᠢ | ᠬᠠᠷᠢᠭᠤᠴᠠᠯᠭᠠᠲᠠᠨ ᠬᠡᠯᠡᠪᠡ᠃ ᠬᠤᠸᠠᠳᠧ ᠰᠢᠶᠠᠨ ᠤ ᠴᠡᠷᠢᠭ ᠠᠩᠭᠢ ᠪᠠ ᠣᠷᠣᠨ ᠨᠤᠲᠤᠭ ᠤᠨ ᠬᠢᠨ ᠰᠠᠨᠠᠯ ᠢᠶᠠᠨ | ᠰᠣᠯᠢᠯᠴᠠᠵᠤ ᠰᠤᠳᠤᠯᠤᠨ ᠶᠠᠷᠢᠯᠴᠠᠬᠤ᠂ ᠤᠷᠠᠨ ᠪᠢᠴᠢᠯᠭᠡ ᠵᠢᠷᠤᠭ ᠵᠢᠷᠤᠬᠤ᠂ ᠳᠠᠭᠤᠤ ᠪᠥᠵᠢᠭ ᠢ ᠳᠡᠯᠭᠡᠷᠡᠭᠦᠯᠬᠦ | ᠵᠡᠷᠭᠡ ᠤᠯᠠᠨ ᠵᠦᠢᠯ ᠤᠨ ᠬᠡᠯᠪᠡᠷᠢ ᠪᠠᠷ ︽ᠭᠠᠨ ᡁᠢ ᠮᠧᠢ ᠶᠢᠨ ᠵᠣᠷᠢᠭ ᠰᠠᠨᠠᠭ᠎ᠠ︾ ᠶᠢᠨ ᠠᠷᠤ ᠳᠠᠬᠢ ᠰᠡᠳᠬᠢᠯ | ᠬᠥᠳᠡᠯᠭᠡᠮ᠎ᠡ ᠦᠯᠢᠭᠡᠷ ᠢ ᠲᠠᠶᠢᠯᠪᠤᠷᠢᠯᠠᠵᠤ᠂ ᠰᠢᠶᠠᠨ ᠳᠤ ᠰᠠᠭᠤᠭ᠎ᠠ ᠴᠡᠷᠢᠭ ᠠᠩᠬᠢ ᠶᠢᠨ ᠳᠠᠷᠤᠭ᠎ᠠ | ᠪᠠᠶᠢᠯᠳᠤᠭᠴᠢᠳ ᠤᠨ ᠰᠣᠶᠣᠯ ᠤᠨ ᠠᠮᠢᠳᠤᠷᠠᠯ ᠢ ᠪᠠᠶᠠᠯᠢᠭᠵᠢᠭᠤᠯᠬᠤ ᠶᠢᠨ ᠬᠠᠮᠲᠤ᠂ ᠤᠯᠠᠨ ᠳᠤ ᠠᠬᠠᠮᠠᠳ ᠨᠢᠭᠡ | ᠦᠶ᠎ᠡ ᠶᠢᠨ ᠬᠤᠪᠢᠰᠬᠠᠯᠲᠤ ᠴᠡᠷᠢᠭ ᠤᠨ ᠰᠢᠯᠢᠳᠡᠭ ᠰᠤᠷᠲᠠᠯ ᠪᠣᠯᠤᠨ ᠵᠠᠰᠠᠭ ᠢᠶᠠᠨ ᠬᠦᠷᠢᠶᠡᠯᠡᠨ ᠠᠷᠠᠳ ᠢᠶᠠᠨ | ᠬᠠᠶᠢᠷᠠᠯᠠᠬᠤ ᠵᠢᠭᠠᠰᠤ ᠤᠰᠤᠨ ᠤ ᠬᠠᠶᠢᠷ᠎ᠠ ᠰᠡᠳᠬᠢᠯᠭᠡ ᠶᠢ ᠨᠡᠩ ᠭᠦᠨᠵᠡᠭᠡᠢ ᠣᠶᠢᠯᠠᠭᠠᠭᠤᠯᠪᠠ᠃ | ᠤᠯᠤᠰ ᠤᠨ ᠪᠠᠲᠤᠯᠠᠨ ᠬᠠᠮᠠᠭᠠᠯᠠᠯᠲᠠ ᠶᠢᠨ ᠬᠥᠮᠦᠵᠢᠯ ᠤᠨ ᠠᠵᠢᠯᠯᠠᠭ᠎ᠠ ᠥᠷᠨᠢᠭᠦᠯᠬᠦ ᠶᠠᠪᠤᠴᠠ ᠳᠤ᠂ ᠬᠤᠸᠠᠳᠧ | ᠰᠢᠶᠠᠨ ᠤ ᠠᠷᠠᠳ ᠤᠨ ᠵᠡᠪᠰᠡᠭᠲᠦ ᠬᠦᠴᠦᠨ ᠤ ᠬᠡᠯᠲᠡᠰ ᠤᠨ ᠠᠵᠢᠯᠲᠠᠳ ᠲᠣᠭᠤᠷᠢᠨ ᠦᠵᠡᠬᠦ ᠪᠠᠷ ᠢᠷᠡᠭᠰᠡᠨ | ᠰᠤᠷᠤᠭᠴᠢᠳ ᠲᠤ ︽ᠭᠠᠨ ᡁᠢ ᠮᠧᠢ ᠶᠢᠨ ᠵᠣᠷᠢᠭ ᠰᠠᠨᠠᠭ᠎ᠠ︾ ᠶᠢ ᠶᠠᠷᠢᠵᠤ ᠥᠭᠴᠦ᠂ ᠴᠡᠷᠢᠭ ᠤᠨ ᠬᠤᠸᠠᠷᠠᠨ᠂ | ᠢᠷᠠᠭᠤ ᠠᠯᠳᠠᠷ ᠤᠨ ᠲᠠᠰᠤᠭ᠂ ᠤᠯᠤᠰ ᠤᠨ ᠪᠠᠲᠤᠯᠠᠨ ᠬᠠᠮᠠᠭᠠᠯᠠᠯᠲᠠ ᠶᠢᠨ ᠰᠤᠷᠭᠠᠨ ᠬᠥᠮᠦᠵᠢᠯ ᠤᠨ | ᠦᠵᠡᠭᠦᠯᠦᠯᠭᠡ ᠶᠢᠨ ᠲᠢᠩᠬᠢᠮ ᠢ ᠲᠣᠭᠤᠷᠢᠨ ᠦᠵᠡᠬᠦ ᠲᠠᠢ ᠤᠶᠠᠯᠳᠤᠭᠤᠯᠤᠨ᠂ ᠵᠠᠯᠠᠭᠤᠴᠤᠳ ᠪᠠᠭᠠᠴᠤᠳ ᠲᠤ | ᠴᠡᠷᠢᠭ ᠤᠨ ᠰᠢᠯᠢᠳᠡᠭ ᠰᠤᠷᠲᠠᠯ ᠢ ︽ᠭᠠᠨ ᡁᠢ ᠮᠧᠢ ᠶᠢᠨ ᠵᠣᠷᠢᠭ ᠰᠠᠨᠠᠭ᠎ᠠ︾ ᠲᠠᠢ ᠨᠢᠭᠲᠠ ᠤᠶᠠᠯᠳᠤᠭᠤᠯᠵᠤ᠂ | ᠴᠡᠷᠢᠭ ᠢᠶᠠᠨ ᠬᠦᠷᠢᠶᠡᠯᠡᠨ ᠴᠡᠷᠢᠭ ᠢᠶᠠᠨ ᠬᠠᠶᠢᠷᠠᠯᠠᠬᠤ ᠤᠷᠮ᠎ᠠ ᠵᠣᠷᠢᠭ ᠢ ᠨᠢᠭᠲᠠᠷᠠᠭᠤᠯᠪᠠ᠃ ᠡᠭᠦᠨ ᠠᠴᠠ ᠭᠠᠳᠠᠨ᠎ᠠ᠂ | ᠴᠡᠷᠢᠭ ᠤᠨ ᠠᠯᠪᠠᠨ ᠠᠴᠠ ᠡᠮᠦᠨᠡᠬᠢ ᠰᠤᠷᠭᠠᠨ ᠬᠥᠮᠦᠵᠢᠯ ᠤᠨ ᠬᠤᠭᠤᠴᠠᠭᠠᠨ ᠳᠤ᠂ ᠬᠤᠸᠠᠳᠧ ᠰᠢᠶᠠᠨ ᠤ | ᠠᠷᠠᠳ ᠤᠨ ᠵᠡᠪᠰᠡᠭᠲᠦ ᠬᠦᠴᠦᠨ ᠤ ᠶᠠᠮᠤᠨ ᠴᠡᠷᠢᠭ ᠤᠨ ᠠᠯᠪᠠᠨ ᠠᠴᠠ ᠪᠠᠭᠤᠭᠰᠠᠨ ᠠᠬᠠᠮᠠᠳ ᠴᠡᠷᠢᠭ ᠢ ᠤᠷᠢᠵᠤ | ᠴᠡᠷᠢᠭ ᠲᠤ ᠡᠯᠰᠡᠭᠳᠡᠭᠰᠡᠨ ᠵᠠᠯᠠᠭᠤᠴᠤᠳ ᠤᠨ ᠦᠯᠢᠭᠡᠷ ᠶᠠᠷᠢᠬᠤ᠂ ᠡᠭᠦᠷᠭᠡ ᠬᠠᠷᠢᠭᠤᠴᠠᠯᠭ᠎ᠠ ᠪᠠᠨ ᠶᠠᠷᠢᠬᠤ᠂ | ᠬᠠᠷᠢᠭᠤᠴᠠᠯᠭ᠎ᠠ ᠡᠭᠦᠷᠭᠡᠯᠡᠬᠦ ᠶᠢ ᠤᠷᠢᠵᠤ᠂ ᠥᠪᠡᠷ ᠤᠨ ᠥᠩᠭᠡᠷᠡᠯᠲᠡ ᠪᠠᠷ ᠢᠶᠠᠨ ︽ᠭᠠᠨ ᡁᠢ ᠮᠧᠢ ᠶᠢᠨ ᠵᠣᠷᠢᠭ | ᠰᠠᠨᠠᠭ᠎ᠠ︾ ᠶᠢ ᠲᠠᠶᠢᠯᠪᠤᠷᠢᠯᠠᠵᠤ᠂ ᠴᠡᠷᠢᠭ ᠲᠤ ᠡᠯᠰᠡᠭᠳᠡᠭᠰᠡᠨ ᠵᠠᠯᠠᠭᠤᠴᠤᠳ ᠢ ᠠᠬᠠᠮᠠᠳ ᠦᠶ᠎ᠡ ᠶᠢᠨ ᠬᠢᠨ ᠲᠠᠢ | ᠬᠠᠷᠢᠴᠠᠭᠤᠯᠤᠨ ᠵᠥᠷᠢᠶ᠎ᠡ ᠪᠠᠨ ᠡᠷᠢᠵᠦ᠂ ᠠᠬᠠᠮᠠᠳ ᠦᠶ᠎ᠡ ᠶᠢᠨ ᠬᠢᠨ ᠲᠠᠢ ᠬᠠᠷᠢᠴᠠᠭᠤᠯᠤᠨ ᠠᠵᠢᠯ ᠦᠢᠯᠡᠰ ᠢᠶᠠᠨ | ᠬᠢᠵᠦ᠂ ᠤᠯᠤᠰ ᠤᠨ ᠤᠷᠢᠶᠠᠯᠠᠭ᠎ᠠ ᠶᠢ ᠢᠳᠡᠪᠬᠢᠲᠡᠢ ᠴᠤᠤᠷᠢᠶᠠᠲᠤᠨ ᠲᠠᠭᠠᠵᠤ᠂ ᠡᠬᠡ ᠤᠯᠤᠰ ᠤᠨ ᠬᠠᠮᠤᠭ ᠤᠨ | ᠬᠡᠷᠡᠭᠴᠡᠭᠡ ᠲᠠᠢ ᠭᠠᠵᠠᠷ ᠲᠤ ᠣᠴᠢᠭᠤᠯᠬᠤ ᠬᠡᠷᠡᠭᠲᠡᠢ ᠭᠡᠵᠦ ᠵᠣᠷᠢᠭᠵᠢᠭᠤᠯᠪᠠ᠃ | ︽ᠭᠠᠨ ᡁᠢ ᠮᠧᠢ ᠶᠢᠨ ᠵᠣᠷᠢᠭ ᠰᠠᠨᠠᠭ᠎ᠠ︾ ᠶᠢᠨ ᠤᠯᠠᠮᠵᠢᠯᠠᠬᠤ ᠬᠦᠴᠦᠨ᠂ ᠨᠥᠯᠥᠭᠡᠯᠡᠬᠦ ᠬᠦᠴᠦᠨ ᠢ ᠤᠯᠠᠮ | ᠨᠢᠭᠡ ᠠᠯᠬᠤᠮ ᠥᠷᠭᠡᠳᠬᠡᠬᠦ ᠶᠢᠨ ᠲᠥᠯᠥᠭᠡ᠂ ᠬᠤᠸᠠᠳᠧ ᠰᠢᠶᠠᠨ ᠤ ᠠᠷᠠᠳ ᠤᠨ ᠵᠡᠪᠰᠡᠭᠲᠦ ᠬᠦᠴᠦᠨ ᠤ | ᠬᠡᠯᠲᠡᠰ ᠠᠴᠠ ᠤᠯᠠᠭᠠᠨᠮᠥ᠋ᠴᠢᠷ ᠤᠨ ᠡᠷᠦᠬᠡ ᠶᠢᠨ ᠴᠡᠷᠢᠭ ᠤᠨ ᠬᠤᠪᠢᠶᠠᠷᠢ ᠠᠩᠭᠢ ᠶᠢ ᠵᠢᠯᠣᠭᠤᠳᠤᠨ ︽ᠭᠠᠨ ᡁᠢ | ᠮᠧᠢ ᠶᠢᠨ ᠵᠣᠷᠢᠭ ᠰᠠᠨᠠᠭ᠎ᠠ︾ ᠶᠢᠨ ᠰᠣᠶᠣᠯ ᠤᠨ ᠡᠯᠧᠮᠧᠨ᠋ᠲ ᠢ ᠰᠢᠨ᠎ᠡ ᠪᠠᠷ ᠡᠭᠦᠳᠦᠭᠰᠡᠨ ᠪᠦᠲᠦᠭᠡᠯ ᠳᠤ | ᠠᠭᠤᠰᠤᠯᠴᠠᠭᠤᠯᠵᠤ᠂ ᠠᠮᠢᠳᠤᠷᠠᠯ ᠳᠤ ᠣᠶᠢᠷᠠᠲᠤᠭᠤᠯᠬᠤ᠂ ᠣᠯᠠᠨ ᠲᠦᠮᠡᠨ ᠳᠤ ᠣᠶᠢᠷᠠᠲᠤᠬᠤ ᠵᠣᠬᠢᠶᠠᠨ ᠪᠦᠲᠦᠭᠡᠯᠭᠡ | ᠪᠠ ᠦᠵᠡᠵᠦ ᠰᠣᠨᠢᠷᠬᠠᠬᠤ ᠳᠤᠷᠠᠲᠠᠶ ᠬᠡᠯᠪᠡᠷᠢ ᠪᠠᠷ ᠣᠯᠠᠨ ᠳᠤ ︽ᠭᠠᠨ ᡁᠢ ᠮᠧᠢ ᠶᠢᠨ ᠵᠣᠷᠢᠭ ᠰᠠᠨᠠᠭ᠎ᠠ︾ ᠶᠢ | ᠳᠠᠮᠵᠢᠭᠤᠯᠪᠠ᠃ ᠡᠭᠦᠨ ᠤ ᠬᠠᠮᠲᠤ᠂ ᠬᠤᠸᠠᠳᠧ ᠰᠢᠶᠠᠨ ᠤ ᠠᠷᠠᠳ ᠤᠨ ᠵᠡᠪᠰᠡᠭᠲᠦ ᠬᠦᠴᠦᠨ ᠤ ᠬᠡᠯᠲᠡᠰ ᠤᠨ | ᠰᠠᠨᠠᠭᠠᠴᠢᠯᠠᠭ᠎ᠠ ᠳᠣᠤᠷ᠎ᠠ᠂ ᠭᠠᠨ ᡁᠢ ᠮᠧᠶ ᠨᠡᠶᠢᠲᠡ ᠶᠢᠨ ᠠᠰᠠᠷᠠᠮᠵᠢ ᠶᠢᠨ ᠨᠡᠶᠢᠭᠡᠮᠯᠢᠭ ᠢ ᠪᠠᠶᠢᠭᠤᠯᠵᠤ᠂ ᠨᠠᠮ ᠤᠨ | ᠪᠠᠶᠢᠭᠤᠯᠤᠯᠲᠠ ᠪᠠᠷ ᠬᠥᠲᠥᠯᠥᠨ ᠳᠠᠭᠠᠭᠤᠯᠬᠤ ᠶᠢ ᠴᠢᠩᠭᠠᠳᠬᠠᠵᠤ᠂ ᠦᠢᠯᠡᠴᠢᠯᠡᠭᠡᠨ ᠤ ᠤᠬᠠᠮᠰᠠᠷ ᠢᠶᠠᠨ | ᠳᠡᠭᠡᠭᠰᠢᠯᠡᠭᠦᠯᠪᠡ᠃ | ᠡᠳᠦᠭᠡ᠂ ᠬᠤᠸᠠᠳᠧ ᠰᠢᠶᠠᠨ ᠤ ᠶᠡᠭᠡ ᠵᠡᠭᠡᠯᠢ ᠪᠠᠭ᠎ᠠ ᠭᠤᠳᠤᠮᠵᠢ ᠪᠠᠷ ᠶᠠᠪᠤᠵᠤ᠂ ᠤᠯᠠᠭᠠᠨ ᠬᠠᠨᠵᠢᠶᠠᠷ | ᠡᠮᠦᠰᠦᠭᠰᠡᠨ ᠭᠠᠨ ᡁᠢ ᠮᠧᠢ ᠨᠡᠶᠢᠲᠡ ᠶᠢᠨ ᠠᠰᠠᠷᠠᠮᠵᠢ ᠶᠢᠨ ᠨᠡᠶᠢᠭᠡᠮᠯᠢᠭ ᠤᠨ ᠰᠠᠶᠢᠨ ᠳᠤᠷ᠎ᠠ ᠶᠢᠨ ᠠᠵᠢᠯᠯᠠᠭᠴᠢ ᠶᠢᠨ | ᠪᠠᠷ᠎ᠠ ᠬᠠᠷᠠᠭᠳᠠᠳᠠᠭ᠃ ᠨᠡᠶᠢᠭᠡᠮᠯᠢᠭ 2021 ᠣᠨ ᠳᠤ ᠪᠠᠶᠢᠭᠤᠯᠤᠭᠳᠠᠭᠰᠠᠨ ᠠᠴᠠ ᠨᠠᠰᠢ᠂ ᠨᠡᠶᠢᠲᠡ 1200 ᠭᠠᠷᠤᠶ | ᠶᠠᠳᠠᠭᠤ ᠬᠦᠴᠢᠷᠳᠡᠯᠲᠡᠶ ᠭᠡᠷ ᠪᠦᠯᠢ ᠳᠤ ᠣᠶᠣᠳᠠᠯ ᠤᠨ ᠮᠡᠷᠭᠡᠵᠢᠯ ᠢ ᠰᠦᠢᠳᠬᠡᠯ ᠬᠤᠷᠢᠶᠠᠬᠤ ᠦᠭᠡᠢ ᠪᠠᠷ | ᠪᠣᠯᠪᠠᠰᠤᠷᠠᠭᠤᠯᠵᠤ᠂ ᠬᠡᠷ ᠲᠡᠭᠡᠨ ᠬᠤᠴᠣᠷᠤᠭᠰᠠᠨ ᠬᠡᠤᠬᠡᠳ᠂ ᠬᠦᠴᠢᠷᠳᠡᠯᠲᠡᠶ ᠠᠵᠢᠯᠲᠠᠨ ᠠᠵᠢᠯᠴᠢᠨ ᠳᠤ 60 | ᠭᠠᠷᠤᠶ ᠲᠦᠮᠡᠨ ᠲᠥᠭᠦᠷᠢᠭ ᠤᠨ ᠵᠣᠭᠤᠰ ᠬᠠᠨᠳᠢᠪᠯᠠᠵᠤ᠂ ᠲᠡᠳᠡ ᠪᠣᠳᠠᠲᠤ ᠠᠵᠢᠯᠯᠠᠭ᠎ᠠ ᠪᠠᠷ ᠢᠶᠠᠨ ᠬᠢᠯᠢ ᠬᠢᠵᠠᠭᠠᠷ᠂ | ᠲᠡᠰᠪᠦᠷᠢ ᠬᠠᠲᠠᠭᠤᠵᠢᠯᠲᠠᠶ ᠪᠠᠷ ᠲᠡᠮᠡᠴᠡᠬᠦ᠂ ᠬᠠᠷᠠᠮ ᠥᠬᠡᠶ ᠵᠣᠷᠢᠭᠤᠯᠬᠤ ︽ᠭᠠᠨ ᡁᠢ ᠮᠧᠶ ᠶᠢᠨ ᠵᠣᠷᠢᠭ ᠰᠠᠨᠠᠭ᠎ᠠ︾ | ᠶᠢ ᠤᠯᠠᠮᠵᠢᠯᠠᠨ ᠵᠠᠯᠭᠠᠮᠵᠢᠯᠠᠪᠠ᠃ ︵ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ ᠤ ᠰᠤᠷᠪᠤᠯᠵᠢᠯᠠᠭᠴᠢ | ᠬᠤᠤ ᠵᠢᠶᠠ ᠯᠢ ᠴᠢᠮᠡᠭᠡᠯᠡᠭᠴᠢ ᠸᠠᠩ ᠫᠧᠩ ᠬᠤᠢ᠄ | | | ᠢᠷᠡᠯᠲᠡ᠄ ᠠᠮᠢᠵᠢᠷᠠᠯ ᠪᠢᠯᠬᠠᠭᠰᠠᠨ ᠬᠤᠸᠠᠳᠧ | ᠵᠣᠬᠢᠶᠠᠭᠴᠢ᠄ ᠬᠤᠸᠠᠳᠧ ᠰᠢᠶᠠᠨ ᠤ ᠠᠷᠠᠳ ᠤᠨ ᠵᠠᠰᠠᠭ ᠤᠨ ᠣᠷᠳᠤᠨ | ᠣᠷᠴᠢᠭᠤᠯᠤᠭᠴᠢ᠄ ᠠᠨᠵᠸᠯ |