| | | ᠯᠢ ᠵᠢᠶᠣᠤ ᠵᠢᠶᠣᠤ ᠱᠠᠩᠨᠠᠯ ᠠᠪᠬᠤ ᠲᠤᠬᠠᠢ ᠶᠢᠨ ᠲᠠᠯᠠᠪᠠᠢ ᠳᠤ ︵ᠮᠠᠲ᠋ᠧᠷᠢᠶᠠᠯ ᠤᠨ ᠵᠢᠷᠤᠭ︶ | 5 ᠰᠠᠷ᠎ᠠ ᠶᠢᠨ 7 ᠤ ᠡᠳᠦᠷ᠂ ᠰᠤᠷᠪᠤᠯᠵᠢᠯᠠᠭᠴᠢ ᠤᠯᠠᠭᠠᠨᠴᠠᠪ ᠬᠤᠲᠠ ᠶᠢᠨ ᠵᠡᠮᠳᠡᠭᠴᠦᠳ ᠤᠨ ᠬᠤᠯᠪᠣᠭ᠎ᠠ ᠠᠴᠠ | ᠣᠢᠯᠠᠭᠠᠭᠰᠠᠨ ᠢᠶᠠᠷ᠂ 5 ᠰᠠᠷ᠎ᠠ ᠶᠢᠨ 4 ᠤ ᠡᠳᠦᠷ᠂ ᠠᠮᠧᠷᠢᠺᠠ ᠶᠢᠨ ᠮᠢᠨᠨᠢᠰᠦᠳᠠ ᠵᠧᠦ ᠳᠤ | ᠶᠠᠪᠤᠭᠳᠠᠭᠰᠠᠨ 2025 ᠣᠨ ᠤ ᠳᠡᠯᠡᠬᠡᠢ ᠶᠢᠨ ᠮᠥᠰᠥᠨ ᠳᠡᠪᠦᠷ᠎ᠡ ᠶᠢᠨ ᠮᠠᠩᠯᠠᠢ | ᠰᠢᠯᠭᠠᠷᠠᠭᠤᠯᠬᠤ ᠤᠷᠤᠯᠳᠤᠭᠤᠨ ᠳᠤ᠂ ᠤᠯᠠᠭᠠᠨᠴᠠᠪ ᠬᠤᠲᠠ ᠶᠢᠨ ᠬᠤᠸᠠᠳᠧ | ᠰᠢᠶᠠᠨ ᠤ ᠰᠣᠨᠣᠰᠬᠤ ᠴᠢᠳᠠᠪᠤᠷᠢ ᠶᠢᠨᠬᠠᠷᠰᠢᠯ ᠤᠨ ᠲᠠᠮᠢᠷᠴᠢᠨ ᠯᠢ ᠵᠢᠶᠣᠤ ᠵᠢᠶᠤᠤ ᠪᠠᠷ | ᠭᠤᠣᠯ ᠬᠦᠴᠦᠨ ᠪᠤᠯᠭᠠᠭᠰᠠᠨᠳᠤᠮᠳᠠᠳᠤ ᠤᠯᠤᠰ ᠤᠨ ᠡᠮᠡᠭᠲᠡᠢ ᠶᠢᠨ ᠮᠥᠰᠥᠨ | ᠳᠡᠪᠦᠷ᠎ᠡ ᠶᠢᠨ ᠠᠩᠭᠢ᠂ ᠨᠤᠭᠤᠷᠠᠰᠢ ᠦᠭᠡᠢ ᠲᠡᠮᠡᠴᠡᠬᠦ ᠵᠣᠷᠢᠭ ᠰᠠᠨᠠᠭ᠎ᠠ ᠪᠣᠯᠤᠨ ᠤᠷᠠᠨ | ᠨᠠᠷᠢᠯᠢᠭ ᠤᠷ᠎ᠠ ᠮᠡᠷᠭᠡᠵᠢᠯ ᠢᠶᠠᠷ ᠪᠣᠭᠤᠮᠲᠠ ᠰᠢᠪᠲᠤᠯᠤᠭᠰᠠᠨ ᠶᠤᠮ᠃ ᠡᠨᠡ ᠪᠣᠯ ᠳᠤᠮᠳᠠᠳᠤ | ᠤᠯᠤᠰ ᠤᠨ ᠬᠠᠷᠠᠭ᠎ᠠ ᠰᠣᠨᠣᠷ ᠤᠨ ᠡᠮᠡᠭᠲᠡᠶ ᠶᠢᠨ ᠮᠥᠰᠥᠨ ᠳᠡᠪᠦᠷ᠎ᠡ ᠶᠢᠨ ᠠᠩᠭᠢ ᠶᠢᠨ ᠣᠯᠠᠨ ᠤᠯᠤᠰ ᠤᠨ | ᠤᠷᠤᠯᠳᠤᠭᠠᠨ ᠳ᠋ᠠᠬᠢ ᠴᠢᠬᠤᠯᠠ ᠳᠠᠪᠠᠯᠲᠠ ᠪᠣᠯᠣᠨ᠎ᠠ᠃ | ᠱᠠᠩᠨᠠᠯ ᠣᠯᠭᠤᠬᠤ ᠲᠤᠬᠠᠶ ᠶᠢᠨ ᠲᠠᠯᠠᠪᠤᠷ᠃ ︵ᠮᠠᠲ᠋ᠧᠷᠢᠶᠠᠯ ᠤᠨ ᠵᠢᠷᠤᠭ︶ | ᠤᠷᠤᠯᠳᠤᠭᠠᠨ ᠤ ᠶᠠᠪᠤᠴᠠ ᠳᠤ᠂ ᠯᠢ ᠵᠢᠶᠤᠤ ᠵᠢᠶᠤᠤ ᠯᠠᠪᠳᠠᠭᠤᠨ ᠲᠣᠭᠲᠠᠭᠤᠨ ᠪᠠᠶᠢᠵᠤ᠂ ᠣᠯᠠᠨ ᠠᠴᠠ | ᠬᠡᠲᠦ᠋ᠢᠳᠦᠭᠰᠡᠨ ᠤᠷ᠎ᠠ ᠮᠡᠷᠭᠡᠵᠢᠯ ᠪᠣᠯᠤᠨ ᠰᠡᠳᠬᠢᠯ ᠰᠠᠨᠠᠭ᠎ᠠ ᠪᠠᠨ ᠣᠯᠣᠯᠴᠠᠭᠰᠠᠨ ᠪᠦᠯᠬᠦᠮ ᠨᠡᠶᠢᠲᠡ ᠶᠢᠨ ᠬᠠᠮᠵᠢᠯᠴᠠᠭ᠎ᠠ ᠶᠢ | ᠢᠯᠡᠷᠡᠭᠦᠯᠵᠦ᠂ ᠡᠴᠦᠰ ᠲᠡᠭᠡᠨ ᠰᠢᠯᠢᠳᠡᠭ ᠬᠢᠷᠢ ᠪᠦᠲᠦᠮᠵᠢ ᠪᠠᠷ ᠳᠡᠯᠡᠬᠡᠢ ᠶᠢᠨ ᠡᠯ᠎ᠡ ᠭᠠᠵᠠᠷ ᠠᠴᠠ ᠢᠷᠡᠭᠰᠡᠨ ᠬᠦᠴᠦᠷᠬᠡᠭ | ᠠᠩᠭᠢ ᠶᠢ ᠢᠯᠠᠵᠤ᠂ ᠮᠠᠩᠯᠠᠶᠢᠯᠠᠪᠠ᠃ | ᠯᠢ ᠵᠢᠶᠣᠤ ᠵᠢᠶᠣᠤ 2016 ᠣᠨ ᠳᠤ ᠾᠧᠪᠧᠢ ᠮᠣᠵᠢ ᠶᠢᠨ ᠵᠡᠮᠳᠡᠭᠴᠦᠳ ᠤᠨ ᠮᠥᠰᠥᠨ ᠳᠡᠪᠦᠷ ᠡ ᠶᠢᠨ ᠠᠩᠭᠢ ᠳᠤ | ᠣᠷᠣᠪᠠ᠂ ᠠᠩᠭᠢ ᠶᠢᠨ ᠬᠠᠮᠤᠭ ᠡᠷᠲᠡᠨ ᠤ ᠨᠢᠭᠡ ᠪᠦᠯᠦᠭ ᠲᠠᠮᠢᠷᠴᠢᠳ ᠤᠨ ᠨᠢᠭᠡ ᠨᠢ ᠪᠣᠯᠤᠨ᠎ᠠ᠂ 4 ᠰᠠᠷ᠎ᠠ ᠶᠢᠨ 18 ᠤ | ᠡᠳᠦᠷ ᠲᠡᠭᠦᠰᠦᠭᠰᠡᠨ ᠪᠦᠬᠦ ᠤᠯᠤᠰ ᠤᠨ ᠠᠷᠪᠠᠨ ᠬᠤᠶᠠᠳᠤᠭᠠᠷ ᠬᠤᠭᠤᠴᠠᠭᠠᠨ ᠤ ᠵᠡᠮᠳᠡᠭᠴᠦᠳ ᠤᠨ ᠲᠠᠮᠢᠷ ᠤᠨ | ᠴᠤᠭᠯᠠᠭᠠᠨ ᠤ ᠮᠥᠰᠥᠨ ᠳᠡᠪᠦᠷ ᠡ ᠶᠢᠨ ᠤᠷᠤᠯᠳᠤᠭᠤᠨ ᠳᠤ᠂ ᠾᠧᠪᠧᠢ ᠶᠢᠨ ᠠᠩᠭᠢ ᠡᠮᠡᠭᠲᠡᠢ ᠶᠢᠨ ᠬᠠᠯᠬᠠᠪᠴᠢ ᠰᠣᠨᠣᠰᠬᠤ | ᠳᠤᠭᠤᠢᠯᠠᠩ ᠤᠨ ᠠᠯᠲᠠᠨ ᠮᠧᠳᠠᠯ ᠢ ᠠᠪᠤᠪᠠ᠃ ᠲᠣᠰ ᠤᠳᠠᠭᠠᠨ ᠤ ᠢᠯᠠᠯᠲᠠ ᠨᠢ ᠲᠡᠭᠦᠨ ᠤ ᠰᠢᠷᠭᠠᠭᠤ ᠬᠠᠲᠠᠭᠤᠵᠢᠯᠲᠠᠶ | ᠪᠣᠯᠪᠠᠰᠤᠷᠠᠯ ᠪᠠ ᠴᠥᠬᠦᠷᠡᠰᠢ ᠥᠬᠡᠶ ᠴᠢᠷᠮᠠᠶᠢᠯᠭ᠎ᠠ ᠳᠤ ᠬᠠᠮᠤᠭ ᠤᠨ ᠰᠠᠶᠢᠨ ᠠᠴᠢ ᠬᠤᠯᠪᠣᠭᠳᠠᠯ ᠪᠣᠯᠬᠤ ᠪᠠᠷ ᠪᠠᠷᠠᠬᠤ ᠥᠬᠡᠶ | ᠂ ᠪᠠᠰᠠ ᠴᠤ ᠤᠯᠠᠭᠠᠨᠴᠠᠪ ᠬᠤᠲᠠ ᠶᠢᠨ ᠵᠡᠮᠳᠡᠭᠴᠦᠳ ᠤᠨ ᠪᠡᠶ᠎ᠡ ᠶᠢᠨ ᠲᠠᠮᠢᠷ ᠤᠨ ᠦᠢᠯᠡᠰ ᠤᠨ ᠬᠥᠭᠵᠢᠯᠲᠡ ᠶᠢ ᠨᠤᠲᠠᠯᠠᠵᠤ | ᠳᠡᠮᠵᠢᠬᠦ ᠶᠠᠪᠤᠳᠠᠯ ᠪᠣᠯᠤᠨ᠎ᠠ᠃ ︵ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ ᠲᠠᠯ᠎ᠠ ᠨᠤᠲᠤᠭ ᠤᠨ ᠡᠭᠦᠯᠡᠨ | ᠰᠤᠷᠪᠤᠯᠵᠢᠯᠠᠭᠴᠢ᠄ ᠬᠤᠸᠠᠩ ᠹᠦ᠋ ᠮᠧᠶ ᠰᠢᠶᠠᠨ︶ | | ᠢᠷᠡᠯᠲᠡ᠄ ᠠᠮᠢᠵᠢᠷᠠᠯ ᠪᠢᠯᠬᠠᠭᠰᠠᠨ ᠬᠤᠸᠠᠳᠧ | ᠵᠣᠬᠢᠶᠠᠭᠴᠢ᠄ ᠬᠤᠸᠠᠳᠧ ᠰᠢᠶᠠᠨ ᠤ ᠠᠷᠠᠳ ᠤᠨ ᠵᠠᠰᠠᠭ ᠤᠨ ᠣᠷᠳᠤᠨ | ᠣᠷᠴᠢᠭᠤᠯᠤᠭᠴᠢ᠄ ᠭᠠᠩᠭ᠎ᠠ | | |