ᠡᠭᠡᠳᠡᠭᠰᠡᠨ ᠰᠦ ᠬᠢᠬᠦ ᠠᠷᠭ᠎ᠠ
ᠨᠡᠶᠢᠲᠡᠯᠡᠭᠰᠡᠨ ᠴᠠᠭ᠄
2019-01-18
   ᠡᠭᠡᠳᠡᠭᠰᠡᠨ ᠰᠦ ᠶᠢᠨ ᠰᠢᠮ᠎ᠡ ᠲᠡᠵᠢᠭᠡᠯ ᠨᠢ ᠰᠢᠨ᠎ᠡ ᠰᠣᠷᠭᠤᠭ ᠰᠦᠨ ᠠᠴᠠ ᠬᠤᠯᠠ ᠳᠠᠪᠠᠳᠠᠭ᠃ ᠲᠡᠭᠦᠨ ᠳᠤ ᠣᠯᠠᠨ ᠶᠠᠩᠵᠤ ᠶᠢᠨ ᠰᠦᠨ ᠬᠦᠴᠢᠯ᠂ ᠰᠦᠨ ᠰᠢᠬᠢᠷ᠂ ᠠᠮᠢᠨᠤ᠋ ᠬᠦᠴᠢᠯ᠂ ᠡᠷᠦᠳᠡᠰᠦᠨ ᠪᠤᠳᠠᠰ᠂ ᠸᠢᠲ᠋ᠠᠮᠢᠨ ᠵᠡᠷᠭᠡ ᠪᠤᠳᠠᠰ ᠠᠭᠤᠯᠤᠭᠳᠠᠳᠠᠭ᠃ ᠬᠤᠳᠤᠭᠤᠳᠤᠨ ᠡᠪᠡᠳᠴᠢᠨ ᠲᠠᠢ ᠬᠦᠮᠦᠨ ᠡᠭᠡᠳᠡᠭᠰᠡᠨ ᠰᠦ ᠤᠤᠭᠤᠪᠠᠯ ᠬᠤᠳᠤᠭᠤᠳᠤᠨ ᠬᠦᠴᠢᠯ ᠢᠯᠭᠠᠷᠠᠭᠤᠯᠬᠤ ᠶᠢ ᠠᠬᠢᠭᠤᠯᠵᠦ᠂ ᠬᠤᠭᠤᠯᠠᠨ ᠤ ᠳᠠᠷᠠᠭ᠎ᠠ ᠬᠡᠢ ᠳᠦᠭᠦᠷᠴᠦ᠂ ᠰᠠᠭᠤᠯᠭᠠᠬᠤ ᠵᠡᠷᠭᠡ ᠪᠠᠶᠢᠳᠠᠯ ᠢᠯᠡᠷᠡᠬᠦ ᠦᠭᠡᠢ ᠪᠦᠭᠡᠳ ᠬᠠᠷᠢᠨ ᠬᠡᠢ ᠨᠡᠪᠲᠡᠷᠡᠵᠦ᠂ ᠢᠳᠡᠭᠰᠡᠨ ᠢ ᠰᠢᠩᠭᠡᠭᠡᠳᠡᠭ᠃    ᠲᠡᠭᠡᠪᠡᠯ ᠥᠪᠡᠷᠲᠡᠭᠡᠨ ᠡᠭᠡᠳᠡᠭᠰᠡᠨ ᠰᠦ ᠬᠢᠬᠦ ᠠᠷᠭ᠎ᠠ ᠶᠢ ᠰᠤᠷᠤᠶ᠎ᠠ᠄    1᠂ ᠤᠷᠢᠳᠠᠪᠡᠷ ᠲᠦᠭᠦᠬᠡᠢ ᠮᠠᠲ᠋ᠧᠷᠢᠶᠡᠯ ᠪᠠ ᠪᠠᠭᠠᠵᠢ ᠬᠡᠷᠡᠭᠰᠡᠯ ᠢᠶᠠᠨ ᠪᠦᠷᠢᠨ ᠪᠣᠯᠭᠠᠨ᠎ᠠ᠃ ᠰᠢᠨ᠎ᠡ ᠰᠣᠷᠭᠤᠭ ᠰᠦ᠂ ᠡᠭᠡᠳᠡᠭᠰᠡᠨ ᠰᠦ᠂  ᠴᠠᠬᠢᠯᠭᠠᠨ ᠲᠣᠭᠤᠭ᠎ᠠ᠂ ᠪᠢᠴᠢᠯ ᠲᠣᠯᠭᠢᠶᠠᠨ ᠵᠤᠤᠬ᠎ᠠ ᠵᠡᠷᠭᠡ᠃    2᠂ ᠰᠦ ᠪᠠᠨ ᠪᠢᠴᠢᠯ ᠵᠣᠣᠬᠠᠨ ᠳᠠᠭᠠᠨ ᠬᠢᠵᠦ ᠬᠠᠯᠠᠭᠠᠨ᠎ᠠ᠃    3᠂ ᠪᠦᠯᠢᠶᠡᠨ ᠰᠦ ᠳᠣᠲᠤᠷ᠎ᠠ ᠪᠠᠨ ᠡᠭᠡᠳᠡᠭᠰᠡᠨ ᠰᠦ ᠬᠢᠵᠦ᠂ ᠬᠠᠯᠪᠠᠭ᠎ᠠ ᠪᠠᠷ ᠢᠶᠠᠨ ᠰᠠᠶᠢᠬᠠᠨ ᠵᠢᠭᠳᠡ ᠬᠤᠳᠬᠤᠵᠦ᠂ ᠲᠠᠭᠯᠠᠭ᠎ᠠ ᠪᠠᠷ ᠨᠢ ᠳᠠᠷᠤᠵᠤ ᠲᠠᠯᠪᠢᠨ᠎ᠠ᠃    4᠂ ᠴᠠᠬᠢᠯᠭᠠᠨ ᠲᠣᠭᠤᠭᠠᠨ ᠳᠣᠲᠤᠷᠡᠬᠢ ᠬᠠᠯᠠᠭᠤᠨ ᠤᠰᠤ ᠪᠠᠨ ᠴᠢᠳᠬᠤᠵᠤ᠂ ᠸᠠᠭᠠᠷ ᠴᠣᠮᠤ ᠪᠠᠨ ᠴᠠᠬᠢᠯᠭᠠᠨ ᠲᠣᠭᠤᠭᠠᠨ ᠳᠠᠭᠠᠨ ᠬᠢᠵᠦ᠂ ᠴᠡᠪᠡᠷᠬᠡᠨ ᠠᠯᠴᠢᠭᠤᠷ ᠢᠶᠠᠷ ᠪᠦᠲᠡᠭᠡᠵᠦ ᠲᠠᠯᠪᠢᠨ᠎ᠠ᠃ ᠲᠣᠭᠤᠭᠠᠨ ᠤ ᠦᠯᠡᠳᠡᠭᠰᠡᠨ ᠢᠯᠴᠢ ᠪᠠᠷ ᠨᠢ ᠰᠦ ᠪᠠᠨ ᠢᠰᠭᠡᠨ᠎ᠡ᠃ 8—10 ᠴᠠᠭ ᠤᠨ ᠳᠠᠷᠠᠭ᠎ᠠ ᠰᠠᠶᠢᠬᠠᠨ ᠠᠮᠲᠠᠲᠤ ᠡᠭᠡᠳᠡᠭᠰᠡᠨ ᠰᠦ ᠪᠡᠯᠡᠬᠡᠨ ᠪᠣᠯᠴᠢᠬᠠᠨ᠎ᠠ᠃
 
ᠢᠷᠡᠯᠲᠡ᠄ ᠳᠤᠮᠲᠠᠲᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10002599号