ᠵᠡᠭᠡᠷ᠎ᠡ ᠶᠢᠨ ᠴᠠᠶᠢᠳᠠᠮ ᠤᠨ ᠲᠠᠯ᠎ᠠ ᠨᠤᠲᠤᠭ
ᠨᠡᠶᠢᠲᠡᠯᠡᠭᠰᠡᠨ ᠴᠠᠭ᠄
2019-07-16
    ᠵᠡᠭᠡᠷ᠎ᠡ ᠶᠢᠨ ᠴᠠᠶᠢᠳᠠᠮ ᠤᠨ ᠠᠮᠢ ᠠᠬᠤᠢ ᠶᠢᠨ ᠢᠨᠵᠧᠨᠧᠷᠢᠩ —ᠵᠡᠭᠡᠷ᠎ᠡ ᠶᠢᠨ ᠴᠠᠶᠢᠳᠠᠮ ᠨᠢ ᠥᠪᠥᠷ ᠮᠣᠩᠭᠤᠯ ᠤᠨ ᠤᠯᠠᠭᠠᠨᠴᠠᠪ ᠬᠤᠲᠠ ᠶᠢᠨ ᠬᠤᠸᠠᠳᠧ ᠰᠢᠶᠠᠨ ᠤ ᠪᠠᠶᠠᠨᠲᠠᠯ᠎ᠠ ᠰᠢᠶᠠᠩ ᠤᠨ ᠬᠢᠯᠢ ᠳᠤ ᠪᠠᠭᠲᠠᠵᠤ᠂ ᠭᠠᠵᠠᠷ ᠤᠨ ᠪᠠᠶᠢᠴᠠ ᠲᠡᠭᠰᠢ ᠠᠭᠤᠳᠠᠮ᠂ ᠶᠡᠷᠦᠩᠬᠡᠢ ᠲᠠᠯᠠᠪᠠᠢ ᠨᠢ 7.6 ᠲᠦᠮᠡᠨ ᠮᠦ᠂ ᠡᠭᠦᠨ ᠳᠤ ᠪᠠᠶᠢᠭᠠᠯᠢᠭ ᠪᠡᠯᠴᠢᠭᠡᠷ4.8 ᠲᠦᠮᠡᠨ ᠮᠦ ᠪᠠᠶᠢᠵᠤ᠂ ᠲᠠᠷᠢᠮᠠᠯ ᠪᠡᠯᠴᠢᠭᠡᠷ 2.8 ᠲᠦᠮᠡᠨ ᠮᠦ᠂ ᠣᠢ ᠰᠢᠭᠤᠢ ᠶᠢᠨ ᠪᠦᠷᠬᠦᠴᠡ ᠶᠢᠨ ᠨᠣᠷᠮ᠎ᠠ19.3% ᠳᠤ ᠬᠦᠷᠴᠦ᠂ ᠤᠷᠭᠤᠮᠠᠯ ᠤᠨ ᠪᠦᠷᠬᠦᠴᠡ97.3% ᠳᠤ ᠬᠦᠷᠴᠡᠢ᠃ ᠠᠭᠤᠷ ᠠᠮᠢᠰᠬᠤᠯ ᠰᠡᠷᠢᠭᠦᠨ ᠲᠠᠭᠠᠯᠠᠮᠵᠢᠲᠠᠢ᠂ ᠲᠡᠭᠰᠢᠳᠬᠡᠭᠰᠡᠨ ᠳᠤᠯᠠᠭᠠᠨ22 ᠭᠷᠡᠳᠦ᠋ᠰ ᠤᠷᠴᠢᠮ ᠪᠠᠶᠢᠳᠠᠭ᠃  ᠬᠥᠬᠡ ᠲᠡᠭᠷᠢ ᠬᠥᠪᠦᠩ ᠡᠭᠦᠯᠡᠰ ᠬᠥᠪᠪᠦᠯᠵᠡᠵᠦ᠂ ᠡᠪᠡᠰᠦ ᠪᠡᠯᠴᠢᠭᠡᠷ ᠬᠠᠯᠢᠭᠤᠷᠠᠨ ᠥᠩᠭᠡ ᠶᠢᠨ ᠴᠡᠴᠡᠭ ᠮᠢᠷᠠᠯᠵᠠᠨ ᠳᠡᠯᠭᠡᠷᠡᠵᠦ ᠲᠠᠷᠭᠤᠨ ᠰᠦᠷᠦᠭ ᠲᠠᠪᠠᠲᠠᠢ ᠪᠡᠯᠴᠢᠨ ᠬᠤᠨᠢᠴᠢᠨ ᠬᠡᠦᠬᠡᠨ ᠤ ᠤᠶᠠᠩᠭᠠᠲᠤ ᠳᠠᠭᠤᠦ ᠬᠠᠩᠭᠢᠨᠠᠵᠤ ᠵᠡᠭᠡᠷ᠎ᠡ ᠶᠢᠨ ᠴᠠᠶᠢᠳᠠᠮ ᠤᠨ ᠵᠢᠷᠤᠭ ᠰᠢᠭ ᠦᠵᠡᠮᠵᠢ ᠳᠤᠷ᠎ᠠ ᠶᠢ ᠪᠤᠯᠢᠶᠠᠮ᠎ᠠ ᠪᠠᠶᠢᠳᠠᠭ ᠠᠴᠠ ᠵᠤᠨ ᠤ ᠤᠯᠠᠷᠢᠯ ᠤᠨ ᠵᠤᠰᠠᠯᠠᠩ ‍ᠤᠨ‌ᠭᠠᠵᠠᠷ ᠤᠨ ᠠᠰᠢᠲᠠᠢ ᠰᠣᠩᠭᠤᠯᠲᠠ ᠶᠢᠨ ᠨᠢᠭᠡ ᠪᠣᠯᠣᠨ᠎ᠠ᠂ ᠬᠦᠭᠵᠢᠯᠲᠡ ᠶᠢᠨ ᠳᠠᠯᠳᠠ ᠬᠦᠴᠦᠨ ᠪᠦᠬᠦᠢ ᠂ ᠮᠣᠩᠭᠤᠯ ᠦᠨᠳᠦᠰᠦᠲᠡᠨ ᠤ ᠤᠨᠴᠠᠯᠢᠭ ᠲᠠᠢ᠂ ᠢᠳᠡᠭᠡᠨ ᠤᠮᠳᠠᠭᠠᠨ᠂ ᠵᠤᠭᠠᠴᠠᠨ ᠲᠣᠭᠤᠷᠢᠬᠤ᠂ ᠰᠡᠯᠡᠭᠦᠴᠡᠵᠦ ᠵᠤᠰᠠᠬᠤ ᠪᠣᠯᠣᠨ ᠤᠨᠴᠠᠯᠢᠭᠲᠤ ᠲᠠᠷᠢᠮᠠᠯ ᠲᠡᠵᠢᠭᠡᠪᠦᠷᠢ ᠶᠢᠨ ᠦᠢᠯᠡᠰ ᠢ ᠨᠢᠭᠡ ᠴᠤᠭᠴᠠᠵᠢᠭᠤᠯᠤᠭᠰᠠᠨ ᠠᠮᠢ ᠠᠬᠤᠢ ᠵᠢᠭᠤᠯᠴᠢᠯᠠᠯ ᠤᠨ ᠨᠡᠭᠡᠭᠡᠯᠲᠡ ᠶᠢᠨ ᠣᠷᠤᠨ ᠪᠣᠯᠣᠨ᠎ᠠ᠃                                                                ᠣᠷᠴᠢᠭᠤᠯᠤᠭᠴᠢ᠄ ᠭᠡᠷᠡᠯ
 
ᠢᠷᠡᠯᠲᠡ᠄ ᠬᠤᠸᠠᠳᠧ ᠰᠢᠶᠠᠨ ᠤ ᠠᠷᠠᠳ ᠤᠨ ᠵᠠᠰᠠᠭ ᠤᠨ ᠤᠷᠳᠤᠨ ᠤ ᠬᠢᠲᠡᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10002599号