ᠰᠦ ᠠᠴᠠ ᠰᠠᠯᠭᠠᠭᠰᠠᠨ ᠬᠤᠷᠠᠭ᠎ᠠ ᠶᠢ ᠶᠠᠭᠠᠭᠢᠵᠤ ᠪᠤᠷᠳᠤᠬᠤ ᠪᠤᠢ
ᠨᠡᠶᠢᠲᠡᠯᠡᠭᠰᠡᠨ ᠴᠠᠭ᠄
2021/7/20
          ᠰᠦ ᠠᠴᠠ ᠰᠠᠯᠭᠠᠭᠰᠠᠨ ᠬᠤᠷᠠᠭ᠎ᠠ ᠶᠢ ᠶᠠᠭᠠᠭᠢᠵᠤ ᠪᠤᠷᠳᠤᠬᠤ ᠪᠤᠢ     ᠬᠤᠷᠠᠭ᠎ᠠ ᠪᠤᠷᠳᠤᠬᠤ ᠪᠤᠯ ᠨᠢᠭᠡ ᠵᠥᠢᠯ ᠤᠨ ᠮᠠᠷᠭᠡᠵᠢᠯ ᠤᠨ ᠴᠢᠨᠠᠷ ᠢᠶᠠᠷ ᠲᠤᠩ ᠴᠢᠩᠭ᠎ᠠ ᠠᠵᠢᠯ ᠪᠤᠯᠬᠤ ᠶᠤᠮ᠃ ᠬᠤᠷᠠᠭ᠎ᠠ ᠶᠢᠨ ᠬᠥᠨᠳᠤ ᠶᠢᠨ ᠨᠡᠮᠡᠭᠳᠡᠯ ᠨᠢ ᠲᠥᠷᠭᠡᠨ᠂ ᠪᠤᠷᠳᠤᠭᠠᠨ ᠤ ᠬᠠᠷᠠᠮᠵᠢ ᠥᠨᠳᠤᠷ᠂ ᠪᠥᠳᠤᠭᠡᠭᠳᠠᠬᠦᠨ ᠤ ᠥᠪᠠᠷ ᠤᠨ ᠦᠷᠳᠡᠭ ᠲᠤᠤᠷ᠎ᠠ᠂ ᠥᠢᠯᠠᠳᠪᠤᠷᠢᠯᠠᠯ ᠤᠨ ᠡᠷᠭᠢᠯᠳᠠ ᠤᠬᠤᠷ᠂ ᠠᠵᠤ ᠠᠬᠤᠢ ᠶᠢᠨ ᠥᠷ᠎ᠠ ᠠᠰᠢᠭ ᠥᠨᠳᠤᠷ ᠵᠠᠷᠭᠡ ᠤᠨᠴᠠᠯᠢᠭ ᠲᠠᠢ ᠠᠴᠠ ᠤᠷᠴᠢᠮ ᠤᠨ ᠭᠡᠳᠤᠨ ᠵᠢᠯ ᠳᠤ ᠬᠤᠷᠠᠭ᠎ᠠ ᠪᠤᠷᠳᠤᠬᠤ ᠥᠢᠯᠠᠳᠪᠤᠷᠢᠯᠠᠯ ᠲᠤᠩ ᠲᠥᠷᠭᠡᠨ ᠬᠥᠭᠵᠢᠵᠤ ᠪᠤᠢ᠃ ᠥᠢᠯᠠᠳᠤᠯᠭᠡ ᠲᠤᠮᠳᠠ᠂ ᠡᠯ᠎ᠠ ᠵᠥᠢᠯ ᠤᠨ ᠮᠠᠷᠭᠡᠵᠢᠯ ᠤᠨ ᠠᠷᠭ᠎ᠠ ᠭᠡᠮᠵᠢᠶ᠎ᠠ ᠶᠢ ᠭᠡᠷᠡᠭᠵᠢᠬᠦᠯᠬᠦ ᠳᠤ ᠮᠠᠰᠢ ᠴᠢᠩᠭ᠎ᠠ ᠱᠠᠭᠠᠷᠳᠠᠯᠭ᠎ᠠ ᠲᠠᠢ ᠪᠠᠶᠢᠳᠠᠭ᠃ ᠬᠤᠷᠠᠭ᠎ᠠ ᠶᠢ ᠰᠦ ᠠᠴᠠ ᠰᠠᠯᠭᠠᠬᠤ ᠥᠶ᠎ᠠ ᠶᠢᠨ ᠪᠠᠶ᠎ᠠ ᠶᠢᠨ ᠬᠥᠨᠳᠤ ᠶᠢᠨ ᠠᠳᠠᠯᠢ ᠪᠤᠰᠤ ᠠᠴᠠ ᠪᠤᠷᠳᠤᠬᠤ ᠮᠠᠷᠭᠡᠵᠢᠯ ᠤᠨ ᠠᠷᠭ᠎ᠠ ᠭᠡᠮᠵᠢᠶ᠎ᠠ ᠨᠢ ᠴᠤ ᠠᠳᠠᠯᠢ ᠥᠭᠡᠢ ᠪᠠᠶᠢᠳᠠᠭ᠃ ᠠᠳᠠᠯᠢ ᠪᠤᠰᠤ ᠪᠠᠶ᠎ᠠ ᠶᠢᠨ ᠭᠦᠨᠳᠤᠴᠠ ᠲᠠᠢ ᠬᠤᠷᠠᠭ᠎ᠠ ᠶᠢ ᠪᠤᠷᠳᠤᠬᠤ ᠮᠠᠷᠭᠡᠵᠢᠯ ᠤᠨ ᠠᠷᠭ᠎ᠠ ᠭᠡᠮᠵᠢᠶ᠎ᠠ ᠭᠡᠪᠡᠯ᠄     ᠨᠢᠭᠡ᠂ ᠬᠤᠷᠠᠭ᠎ᠠ ᠶᠢᠨ ᠬᠥᠬᠦᠬᠦᠯ ᠤᠨ ᠬᠤᠭᠤᠴᠠᠭᠠᠨ ᠤ ᠠᠷᠠᠴᠢᠯᠠᠭ᠎ᠠ ᠬᠠᠮᠢᠶᠠᠷᠤᠯᠳᠠ ᠶᠢ ᠰᠠᠶᠢᠳᠤᠷ ᠭᠢᠬᠦ ᠭᠡᠷᠡᠭᠳᠠᠢ᠃ 7 — 10 ᠡᠳᠤᠷ ᠪᠤᠯᠤᠭᠰᠠᠨ ᠬᠤᠷᠠᠭ᠎ᠠ ᠶᠢ ᠡᠭᠢᠯᠠᠨ ᠢᠳᠠᠬᠦᠯᠵᠤ᠂ 15 - 20 ᠡᠳᠤᠷ ᠪᠤᠯᠤᠭᠰᠠᠨ ᠤ ᠲᠠᠷᠠᠭ᠎ᠠ ᠪᠤᠷᠳᠤᠭ᠎ᠠ ᠨᠥᠬᠦᠪᠤᠷᠢᠯᠠᠨ ᠲᠠᠵᠢᠭᠡᠨ᠎ᠠ᠂ ᠪᠤᠷᠳᠤᠭ᠎ᠠ ᠨᠢ ᠡᠷᠭᠡᠪᠰᠢ ᠰᠢᠩᠭᠡᠭᠡᠬᠦ ᠳᠤ ᠰᠠᠶᠢᠨ ᠮᠥᠷᠳᠠᠭᠡᠨ ᠶᠠᠩᠵᠤ ᠤᠯᠠᠨ᠂ ᠬᠤᠳᠤᠭᠤᠳᠤᠨ ᠤ ᠪᠤᠶᠢᠵᠢᠯᠳᠠ ᠶᠢ ᠠᠭᠢᠭᠤᠯᠬᠤ ᠭᠡᠷᠡᠭᠳᠠᠢ᠂ ᠤᠷᠭᠤᠮᠠᠯ ᠤᠨ ᠴᠢᠨᠠᠷᠳᠠᠢ ᠪᠤᠷᠳᠤᠭ᠎ᠠ ᠶᠢ ᠠᠯᠢ ᠴᠢᠳᠠᠬᠤ ᠪᠠᠷ ᠡᠷᠳᠠ ᠰᠢᠭ ᠠᠰᠢᠭᠯᠠᠭᠤᠯᠤᠨ᠂ ᠰᠢᠮ᠎ᠠ ᠲᠠᠵᠢᠭᠡᠯ ᠤᠨ ᠢᠷᠠᠯᠳᠠ ᠶᠢ ᠨᠡᠮᠡᠭᠳᠡᠭᠦᠯᠵᠤ ᠂ ᠥᠰᠤᠯᠳᠠ ᠪᠤᠶᠢᠵᠢᠯᠳᠠ ᠪᠠᠷ ᠡᠷᠠᠬᠦᠯ᠂ ᠪᠠᠶ᠎ᠠ ᠪᠠᠶᠢᠳᠠᠯ ᠴᠢᠭᠢᠷᠠᠭ ᠬᠤᠷᠠᠭ᠎ᠠ ᠶᠢ ᠪᠤᠶᠢᠵᠢᠭᠤᠯᠬᠤ ᠳᠤ ᠮᠠᠰᠢ ᠰᠠᠶᠢᠨ ᠰᠠᠭᠤᠷᠢ ᠶᠢ ᠲᠠᠯᠪᠢᠵᠤ ᠥᠭᠬᠦ ᠭᠡᠷᠡᠭᠳᠠᠢ᠃     ᠬᠤᠶᠠᠷ᠂ ᠬᠤᠷᠠᠭ᠎ᠠ ᠶᠢ ᠪᠤᠷᠳᠤᠬᠤ ᠥᠢᠯᠠᠳᠪᠤᠷᠢᠯᠠᠯ ᠤᠨ ᠲᠥᠰᠤᠯ ᠢᠶᠠᠷ ᠬᠥᠷᠤᠯᠴᠠᠬᠦ᠋ᠢᠴᠨ ᠡᠪᠠᠰᠤ ᠪᠤᠷᠳᠤᠭ᠎ᠠ ᠬᠠᠳᠠᠭᠠᠯᠠᠨ ᠪᠠᠯᠠᠳᠭᠡᠵᠤ᠂ ᠪᠤᠷᠳᠤᠬᠤ ᠭᠡᠷᠡᠭᠴᠡᠭᠡ ᠶᠢ ᠬᠠᠨᠭ᠍ᠭᠠᠬᠤ ᠭᠡᠷᠡᠭᠳᠠᠢ︔ ᠡᠪᠠᠰᠤ ᠪᠤᠷᠳᠤᠭᠠᠨ ᠤ ᠪᠠᠯᠠᠳᠭᠡᠯ ᠲᠤᠳᠠᠮᠠᠭ ᠠᠴᠠ ᠪᠤᠷᠳᠤᠬᠤ ᠡᠪᠠᠰᠤ ᠪᠤᠷᠳᠤᠭ᠎ᠠ ᠶᠢ ᠥᠷᠬᠦᠯᠵᠢ ᠰᠤᠯᠢᠵᠤ ᠪᠤᠷᠳᠤᠬᠤ ᠥᠷ᠎ᠠ ᠳ᠋ᠦᠡᠭ ᠢ ᠨᠥᠯᠤᠭᠡᠯᠠᠬᠦ ᠠᠴᠠ ᠵᠠᠶᠢᠯᠠᠰᠭᠢᠬᠦ ᠭᠡᠷᠡᠭᠳᠠᠢ᠃     ᠭᠤᠷᠪᠠ᠂ ᠬᠤᠷᠠᠭ᠎ᠠ ᠶᠢ ᠪᠤᠷᠳᠤᠬᠤ ᠳᠤ ᠬᠤᠷᠠᠭ᠎ᠠ ᠶᠢᠨ ᠴᠢᠨᠠᠷ ᠤᠨ ᠢᠯᠭᠠᠯ᠂ ᠪᠠᠶ᠎ᠠ ᠶᠢᠨ ᠬᠥᠨᠳᠤ ᠶᠢᠨ ᠶᠡᠭᠡ ᠪᠠᠭ᠎ᠠ ᠶᠢ ᠥᠨᠳᠤᠰᠤᠯᠠᠨ ᠰᠦᠷᠦᠭ ᠬᠤᠪᠢᠶᠠᠬᠤ ᠭᠡᠷᠡᠭᠳᠠᠢ᠃     ᠲᠦᠷᠪᠠ᠂ ᠬᠤᠷᠠᠭ᠎ᠠ ᠶᠢᠨ ᠪᠠᠶ᠎ᠠ ᠶᠢᠨ ᠲᠤᠳᠤᠷ ᠭᠠᠳᠠᠨᠠᠭᠢ ᠮᠥᠯᠵᠢᠬᠦᠷ ᠬᠤᠷᠤᠬᠠᠢ ᠶᠢ ᠬᠥᠭᠡᠭᠡᠬᠦ ᠠᠵᠢᠯ ᠢ ᠰᠠᠶᠢᠳᠤᠷ ᠭᠢᠨ᠎ᠠ᠂ ᠮᠥᠯᠵᠢᠬᠦᠷ ᠬᠤᠷᠤᠬᠠᠢ ᠶᠢᠨ ᠡᠪᠠᠳᠴᠢᠨ ᠤ ᠨᠥᠯᠤᠭᠡ ᠶᠢ ᠪᠠᠭᠠᠰᠬᠠᠬᠤ ᠪᠤᠯ ᠪᠤᠷᠳᠤᠬᠤ ᠥᠷ᠎ᠠ ᠳ᠋ᠦᠡᠭ ᠢ ᠪᠠᠳᠤᠯᠠᠬᠤ ᠴᠢᠬᠤᠯᠨ ᠠᠷᠭ᠎ᠠ ᠭᠡᠮᠵᠢᠶ᠎ᠠ ᠪᠤᠯᠤᠨ᠎ᠠ᠃     ᠲᠠᠪᠤ᠂ ᠪᠤᠷᠳᠤᠬᠤ ᠬᠠᠰᠢᠶ᠎ᠠ ᠰᠠᠷᠠᠪᠴᠢ ᠶᠢ ᠥᠷᠬᠦᠯᠵᠢ ᠴᠠᠪᠠᠷᠯᠠᠵᠤ ᠠᠷᠢᠭᠤᠳᠬᠠᠨ᠂ ᠪᠤᠷᠳᠤᠬᠤ ᠬᠤᠭᠤᠴᠠᠭᠠᠨ ᠳᠤ ᠬᠤᠷᠠᠭᠠᠨ ᠤ ᠭᠡᠮ ᠭᠢᠵᠢᠭ ᠲᠤ ᠨᠠᠷᠪᠡᠭᠳᠠᠬᠦ ᠠᠴᠠ ᠰᠠᠷᠭᠡᠶᠢᠯᠠᠬᠦ ᠮᠥᠷᠳᠠᠭᠡᠨ ᠪᠤᠷᠳᠤᠬᠤ ᠬᠤᠭᠤᠴᠠᠭᠠᠨ ᠤ ᠡᠷᠠᠬᠦᠯ ᠬᠠᠮᠠᠭᠠᠯᠠᠯ ᠤᠨ ᠠᠵᠢᠯ ᠢ ᠰᠠᠶᠢᠳᠤᠷ ᠭᠢᠨ᠎ᠠ᠃     ᠵᠢᠷᠭᠤᠭ᠎ᠠ᠂ ᠪᠤᠷᠳᠤᠬᠤ ᠠᠴᠠ ᠡᠮᠤᠨ᠎ᠠ ᠬᠤᠷᠠᠭ᠎ᠠ ᠶᠢᠨ ᠪᠠᠶ᠎ᠠ ᠶᠢᠨ ᠬᠥᠨᠳᠤ ᠶᠢ ᠵᠢᠩᠯᠠᠵᠤ᠂ ᠪᠤᠷᠳᠤᠵᠤ ᠲᠠᠭᠤᠰᠤᠭᠰᠠᠨ ᠤ ᠲᠠᠷᠠᠭᠠᠭᠢ ᠪᠠᠶ᠎ᠠ ᠶᠢᠨ ᠬᠥᠨᠳᠤ ᠲᠠᠢ ᠬᠠᠷᠢᠴᠠᠭᠤᠯᠤᠨ ᠪᠤᠷᠳᠤᠭᠰᠠᠨ ᠥᠷ᠎ᠠ ᠠᠰᠢᠭ ᠪᠠ ᠥᠷ᠎ᠠ ᠳ᠋ᠦᠡᠭ ᠢ ᠰᠢᠯᠭᠠᠨ ᠪᠠᠶᠢᠴᠠᠭᠠᠬᠤ ᠳᠤ ᠲᠥᠬᠦᠮ ᠪᠤᠯᠭᠠᠨ᠎ᠠ᠃     ᠪᠤᠷᠳᠤᠭ᠎ᠠ ᠶᠢ ᠨᠠᠶᠢᠷᠠᠭᠤᠯᠬᠤ ᠪᠠ ᠪᠤᠷᠳᠤᠵᠤ ᠠᠯᠠᠰᠢᠨ ᠳᠤ ᠭᠠᠷᠭᠠᠬᠤ ᠪᠠᠶ᠎ᠠ ᠶᠢᠨ ᠬᠥᠨᠳᠤ᠃     ᠪᠤᠷᠳᠤᠬᠤ ᠨᠠᠷᠢᠯᠢᠭ ᠪᠤᠷᠳᠤᠭ᠎ᠠ ᠨᠢ ᠡᠷᠳᠠᠨᠢ ᠰᠢᠰᠢ 60%᠂ ᠬᠠᠯᠢᠮ 18%᠂ ᠪᠤᠭᠤᠳᠠᠢ ᠶᠢᠨ ᠠᠭ᠎ᠠ 20%᠂ ᠲᠠᠪᠤᠰᠤ 10%᠂ ᠸᠢᠲ᠋ᠠᠮᠢᠨ ᠪᠤᠯᠤᠨ ᠪᠢᠴᠢᠯ ᠡᠯᠧᠮᠧᠨ᠋ᠲ ᠤᠨ ᠨᠠᠮᠠᠯᠳᠠ ᠡᠳ᠋ 10% ᠢᠶᠠᠷ ᠪᠦᠷᠢᠯᠳᠦᠭᠰᠡᠨ ᠪᠠᠶᠢᠬᠤ ᠭᠡᠷᠡᠭᠳᠠᠢ᠃     ᠲᠠᠵᠢᠭᠡᠯ ᠡᠪᠠᠰᠤ ᠨᠢ ᠰᠢᠯᠢᠳᠡᠭ ᠬᠥᠭᠡ ᠡᠪᠠᠰᠤ᠂ ᠬᠥᠭᠡ ᠪᠠᠷ ᠲᠠᠷᠤᠰᠢᠭᠤᠯᠤᠭᠰᠠᠨ ᠪᠤᠷᠳᠤᠭ᠎ᠠ ᠪᠤᠯᠤᠨ ᠲᠠᠷᠢᠮᠠᠯ ᠤᠨ ᠡᠰᠢ ᠰᠥᠷᠠᠯ ᠵᠠᠷᠭᠡ ᠪᠠᠷ ᠪᠥᠷᠢᠯᠳᠥᠭᠰᠠᠨ ᠪᠠᠶᠢᠵᠤ᠂ ᠡᠳᠤᠷ ᠪᠥᠷᠢ 2 — 3 ᠤᠳᠠᠭ᠎ᠠ ᠲᠠᠵᠢᠭᠡᠵᠤ᠂ ᠤᠰᠤ ᠶᠢ ᠬᠥᠢᠴᠠᠳ ᠬᠠᠨᠭ᠍ᠭᠠᠬᠤ ᠮᠥᠷᠳᠠᠭᠡᠨ ᠤᠰᠤ ᠪᠤᠯᠤᠨ ᠲᠠᠵᠢᠭᠡᠯ ᠪᠤᠷᠳᠤᠭᠠᠨ ᠤ ᠠᠷᠢᠭᠤᠨ ᠴᠠᠪᠠᠷ ᠢ ᠪᠠᠳᠤᠯᠠᠬᠤ ᠭᠡᠷᠡᠭᠳᠠᠢ᠃ ᠪᠤᠷᠳᠤᠵᠤ ᠠᠯᠠᠰᠢᠨ ᠳᠤ ᠭᠠᠷᠭᠠᠬᠤ ᠪᠠᠶ᠎ᠠ ᠶᠢᠨ ᠬᠥᠨᠳᠤ ᠶᠢ 40 ᠺᠢᠯᠦᠭᠷᠠᠮ ᠤᠷᠴᠢᠮ ᠪᠠᠶᠢᠯᠭᠠᠪᠠᠯ ᠬᠠᠮᠤᠭ ᠲᠤᠭᠢᠷᠠᠮᠵᠢᠳᠠᠢ ᠶᠤᠮ᠃           ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ           ᠪᠡᠯᠡᠳᠭᠡᠭᠰᠡᠨ ᠨᠢ᠄ ᠳᠤᠭᠤᠰ
 
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004651号-2