︽ᠪᠢ ᠪᠠᠭᠰᠢ ᠶᠢᠨ ᠮᠡᠳᠡᠭᠳᠡᠯ ᠢᠶᠠᠷ ᠸᠠᠺᠼᠢᠨ ᠤ ᠲᠠᠷᠢᠯᠭ᠎ᠠ ᠬᠢᠯᠭᠡᠭᠰᠡᠨ ᠶᠤᠮ᠂ ᠸᠠᠺᠼᠢᠨ ᠤ ᠲᠠᠷᠢᠯᠭ᠎ᠠ | ᠬᠢᠭᠰᠡᠨ ᠤ ᠳᠠᠷᠠᠭ᠎ᠠ ᠵᠢᠭᠠᠬᠠᠨ ᠴᠤ ᠡᠪᠡᠳᠬᠦ ᠦᠭᠡᠶ᠂ ᠪᠢᠴᠢᠬᠠᠨ ᠨᠠᠶᠢᠵᠠ ᠨᠠᠷ ᠴᠥᠮ ᠸᠠᠺᠼᠢᠨ ᠤ ᠲᠠᠷᠢᠯᠭ᠎ᠠ | ᠬᠢᠬᠦ ᠪᠠᠷ ᠢᠷᠡᠬᠦ ᠶᠢ ᠬᠦᠰᠡᠵᠦ ᠪᠠᠶᠢᠨ᠎ᠠ︾ ᠭᠡᠵᠦ ᠰᠢᠨ᠎ᠡ ᠳᠢᠳᠢᠮᠯᠢᠭ ᠸᠢᠷᠦ᠋ᠰ ᠤᠨ ᠸᠠᠺᠼᠢᠨ ᠤ ᠲᠠᠷᠢᠯᠭ᠎ᠠ ᠶᠢ | ᠰᠠᠶ᠋ᠢᠬᠠᠨ ᠬᠢᠵᠦ ᠳᠠᠭᠤᠰᠬᠠᠭᠰᠠᠨ 12 ᠨᠠᠰᠤᠲᠠᠶ ᠪᠠᠭ᠎ᠠ ᠰᠤᠷᠭᠠᠭᠤᠯᠢ ᠶᠢᠨ ᠰᠣᠷᠣᠭᠴᠢ ᠱᠢ ᠬᠤᠤ ᠢᠦᠶ ᠬᠡᠯᠡᠪᠡ᠃ | ᠲᠥᠷᠥ ᠶᠢᠨ ᠶᠠᠪᠤᠳᠠᠯ ᠤᠨ ᠬᠤᠷᠢᠶᠠᠨ ᠤ ᠬᠠᠮᠲᠤᠷᠠᠨ ᠰᠡᠷᠭᠡᠶᠢᠯᠡᠵᠦ ᠬᠠᠮᠲᠤᠷᠠᠨ ᠡᠵᠡᠮᠳᠡᠬᠦ ᠲᠣᠭᠲᠠᠴᠠ ᠶᠢᠨ | ᠬᠤᠯᠪᠣᠭᠳᠠᠯ ᠪᠥᠬᠦᠶ ᠰᠢᠨ᠎ᠡ ᠲᠢᠲᠢᠮᠯᠢᠭ ᠸᠢᠷᠦ᠋ᠰ ᠤᠨ ᠸᠠᠺᠼᠢᠨ ᠤ ᠲᠠᠷᠢᠯᠭ᠎ᠠ ᠶᠢᠨ ᠠᠵᠢᠯ ᠤᠨ ᠶᠡᠷᠦᠩᠬᠡᠶ | ᠲᠣᠬᠢᠷᠠᠭᠤᠯᠤᠯᠲᠠ ᠪᠠᠶᠢᠷᠢᠯᠠᠭᠤᠯᠤᠯᠲᠠ ᠶᠢ ᠦᠨᠳᠦᠰᠦᠯᠡᠨ᠂ 8 ᠰᠠᠷ᠎ᠠ ᠶᠢᠨ 1 ᠤ ᠡᠳᠦᠷ ᠠᠴᠠ ᠡᠬᠢᠯᠡᠨ᠂ ᠬᠤᠸᠠᠳᠧ | ᠰᠢᠶᠠᠨ 12 — 14 ᠪᠦᠬᠦᠯᠢ ᠨᠠᠰᠤᠨ ᠤ ᠬᠥᠮᠦᠰ ᠤᠨ ᠸᠠᠺᠼᠢᠨ ᠤ ᠲᠠᠷᠢᠯᠭ᠎ᠠ ᠬᠢᠬᠦ ᠠᠵᠢᠯ ᠢ ᠪᠥᠬᠦ ᠲᠠᠯ᠎ᠠ ᠪᠠᠷ | ᠡᠬᠢᠯᠡᠭᠦᠯᠵᠦ᠂ ᠬᠥᠮᠦᠰ ᠤᠨ ᠡᠭᠡᠯᠢᠯᠡᠭᠡ ᠶᠢᠨ ᠬᠠᠯᠬᠠᠪᠴᠢ ᠶᠢ ᠡᠷᠲᠡᠬᠡᠨ ᠪᠠᠶᠢᠭᠤᠯᠵᠤ᠂ ᠰᠡᠷᠭᠡᠶᠢᠯᠡᠨ ᠡᠵᠡᠮᠳᠡᠬᠦ ᠦᠷ᠎ᠡ | ᠪᠦᠲᠦᠭᠡᠯ ᠢᠶᠠᠨ ᠦᠷᠭᠦᠯᠵᠢᠯᠡᠨ ᠪᠠᠬᠢᠵᠢᠭᠦᠯᠬᠦ ᠪᠠᠷ ᠬᠦᠴᠦᠯᠡᠨ ᠴᠢᠷᠮᠠᠶᠢᠪᠠ᠃ | 8 ᠰᠠᠷ᠎ᠠ ᠶᠢᠨ 6 ᠤ ᠡᠳᠦᠷ ᠤᠨ ᠦᠳᠡ ᠶᠢᠨ ᠡᠮᠦᠨ᠎ᠡ᠂ ᠬᠤᠸᠠᠳᠧ ᠰᠢᠶᠠᠨ ᠤ ᠡᠮᠨᠡᠯᠭᠡ ᠶᠢᠨ ᠬᠤᠷᠢᠶ᠎ᠠ᠂ ᠬᠢᠲᠠᠳ | ᠮᠣᠩᠭᠤᠯ ᠡᠮᠨᠡᠯᠭᠡ ᠶᠢᠨ ᠬᠤᠷᠢᠶᠠᠨ ᠤ ᠸᠠᠺᠼᠢᠨ ᠤ ᠲᠠᠷᠢᠯᠭ᠎ᠠ ᠶᠢᠨ ᠴᠡᠭ ᠲᠤ ᠸᠠᠺᠼᠢᠨ ᠤ ᠲᠠᠷᠢᠯᠭ᠎ᠠ ᠬᠢᠬᠦ ᠪᠠᠷ | ᠢᠷᠡᠭᠰᠡᠨ ᠬᠤᠲᠠ ᠶᠢᠨ ᠠᠷᠠᠳ ᠡᠮᠬᠢ ᠵᠢᠷᠤᠮ ᠲᠠᠢ ᠪᠠᠷ ᠮᠦᠷᠯᠡᠨ ᠵᠤᠭᠰᠤᠨ᠎ᠠ᠃ ᠣᠯᠠᠨ ᠳᠤ ᠳᠥᠭᠦᠮ | ᠦᠵᠡᠭᠦᠯᠬᠦ ᠶᠢᠨ ᠲᠥᠯᠥᠭᠡ᠂ ᠲᠤᠬᠠᠶ ᠶᠢᠨ ᠲᠠᠯᠠᠪᠤᠷ ᠲᠤ ᠨᠣᠮᠧᠷ ᠠᠪᠬᠤ ᠲᠠᠪᠴᠠᠩ᠂ ᠨᠣᠮᠧᠷ ᠰᠢᠷᠪᠢᠵᠤ ᠳᠠᠩᠰᠠᠯᠠᠬᠤ | ᠭᠠᠵᠠᠷ ᠪᠠ ᠬᠦᠯᠢᠶᠡᠬᠦ ᠭᠠᠵᠠᠷ ᠵᠡᠷᠭᠡ ᠶᠢ ᠲᠣᠬᠢᠷᠠᠭᠤᠯᠵᠤ᠂ ᠨᠠᠰᠤᠨ ᠳᠤ ᠥᠯᠥ ᠬᠥᠷᠦᠭᠰᠡᠳ ᠬᠡᠷ ᠤᠨ ᠠᠬᠠᠮᠠᠳ ᠤᠨ | ᠪᠠᠷ᠎ᠠ ᠪᠣᠯᠣᠯᠭ᠎ᠠ ᠳᠣᠤᠷ᠎ᠠ ᠡᠮᠴᠢ ᠰᠤᠪᠢᠯᠠᠭᠴᠢ ᠶᠢᠨ ᠡᠷᠡᠭᠦᠯ ᠮᠡᠨᠳᠦ ᠶᠢᠨ ᠪᠠᠶᠢᠳᠠᠯ ᠤᠨ ᠲᠤᠬᠠᠶ ᠠᠰᠠᠭᠤᠯᠲᠠ ᠪᠠ | ᠪᠡᠶ᠎ᠡ ᠶᠢᠨ ᠪᠠᠶᠢᠴᠠᠭᠠᠯᠲᠠ ᠶᠢᠨ ᠮᠡᠳᠡᠭᠡ ᠵᠠᠩᠭᠢ ᠶᠢᠨ ᠳᠡᠩᠰᠡᠯᠡᠯᠲᠡ ᠶᠢ ᠭᠥᠯᠢᠶᠡᠨ ᠠᠪᠴᠤ᠂ ᠴᠡᠭᠡᠷᠯᠡᠬᠦ ᠡᠪᠡᠳᠴᠢᠨ | ᠥᠬᠡᠶ ᠶᠢ ᠨᠤᠲᠠᠯᠠᠭᠰᠠᠨ ᠤ ᠳᠠᠷᠠᠭ᠎ᠠ ᠲᠠᠷᠢᠯᠭ᠎ᠠ ᠶᠢᠨ ᠲᠠᠰᠤᠭ ᠲᠤ ᠬᠦᠷᠴᠦ ᠲᠠᠷᠢᠯᠭ᠎ᠠ ᠬᠢᠵᠦ᠂ ᠲᠠᠷᠢᠯᠭ᠎ᠠ ᠬᠢᠭᠰᠡᠨ ᠤ | ᠳᠠᠷᠠᠭ᠎ᠠ ᠦᠯᠡᠳᠡᠭᠡᠨ ᠠᠵᠢᠭᠯᠠᠬᠤ ᠲᠠᠰᠤᠭ ᠲᠤ ᠬᠠᠭᠠᠰ ᠴᠠᠭ ᠠᠵᠢᠭᠯᠠᠭᠰᠠᠨ ᠤ ᠳᠠᠷᠠᠭ᠎ᠠ ᠰᠠᠶ᠋ᠢ ᠶᠠᠪᠤᠵᠤ ᠪᠣᠯᠤᠨ᠎ᠠ᠃ | ᠲᠤᠬᠠᠶ ᠶᠢᠨ ᠲᠠᠯᠠᠪᠤᠷ ᠤᠨ ᠡᠯ᠎ᠡ ᠣᠷᠣᠨ ᠪᠦᠰᠡ ᠶᠢᠨ ᠬᠤᠪᠢᠶᠠᠷᠢᠯᠠᠯ ᠨᠢ ᠲᠣᠳᠣᠷᠬᠠᠶ ᠪᠠᠶᠢᠵᠤ᠂ ᠡᠮᠴᠢ | ᠰᠤᠪᠢᠯᠠᠭᠴᠢᠳ ᠲᠣᠰ ᠲᠣᠰ ᠤᠨ ᠡᠭᠦᠷᠭᠡ ᠲᠤᠰᠢᠶᠠᠯ ᠢᠶᠠᠨ ᠬᠦᠢᠴᠡᠳᠬᠡᠨ᠂ ᠲᠠᠷᠢᠯᠭ᠎ᠠ ᠶᠢᠨ ᠠᠵᠢᠯ ᠢ ᠡᠮᠬᠢ | ᠴᠡᠭᠴᠡ ᠲᠠᠢ ᠥᠷᠨᠢᠭᠦᠯᠵᠦ ᠪᠠᠶᠢᠯ᠎ᠠ᠃ | ᠣᠶᠢᠯᠠᠭᠠᠭᠰᠠᠨ ᠢᠶᠠᠷ᠂ 8 ᠰᠠᠷ᠎ᠠ ᠶᠢᠨ 1 ᠤ ᠡᠳᠦᠷ ᠠᠴᠠ ᠡᠬᠢᠯᠡᠨ᠂ ᠬᠤᠸᠠᠳᠧ ᠰᠢᠶᠠᠨ ᠤ ᠡᠮᠨᠡᠯᠭᠡ ᠶᠢᠨ | ᠬᠤᠷᠢᠶ᠎ᠠ᠂ ᠬᠢᠲᠠᠳ ᠮᠣᠩᠭᠤᠯ ᠤᠨ ᠡᠮᠨᠡᠯᠭᠡ ᠶᠢᠨ ᠬᠤᠷᠢᠶᠠᠨ ᠤ ᠡᠮᠴᠢ ᠰᠤᠪᠢᠯᠠᠭᠴᠢᠳ ᠥᠷᠯᠥᠭᠡ ᠪᠦᠷᠢ 7 ᠴᠠᠭ | ᠭᠠᠷᠤᠶ ᠳᠤ ᠲᠠᠷᠢᠯᠭ᠎ᠠ ᠶᠢᠨ ᠴᠡᠭ ᠲᠤ ᠬᠦᠷᠴᠦ ᠪᠡᠯᠡᠳᠬᠡᠯ ᠠᠵᠢᠯ ᠢᠶᠠᠨ ᠬᠢᠵᠦ᠂ 8 ᠴᠠᠭ ᠤᠨ ᠦᠶ᠎ᠡ ᠪᠠᠷ | ᠲᠠᠷᠢᠯᠭ᠎ᠠ ᠶᠢᠨ ᠠᠵᠢᠯ ᠢᠶᠠᠨ ᠡᠬᠢᠯᠡᠭᠦᠯᠳᠡᠭ᠃ ᠬᠠᠮᠲᠤ ᠨᠡᠶᠢᠲᠡ ᠶᠢᠨ ᠡᠭᠡᠯᠢᠯᠡᠭᠡ ᠶᠢᠨ ᠬᠠᠯᠬᠠᠪᠴᠢ ᠶᠢ ᠪᠤᠢ ᠪᠤᠯᠭᠠᠵᠤ᠂ | ᠬᠢᠵᠢᠭ ᠤᠨ ᠰᠡᠷᠭᠡᠶᠢᠯᠡᠯᠲᠡ ᠶᠢᠨ ᠱᠤᠭᠤᠮ ᠢ ᠪᠠᠬᠢᠵᠢᠭᠦᠯᠬᠦ ᠶᠢᠨ ᠲᠦᠯᠦᠭᠡ᠂ ᠬᠤᠸᠠᠳᠧ ᠰᠢᠶᠠᠨ 12 — 14 | ᠨᠠᠰᠤᠨ ᠤ ᠬᠥᠮᠦᠰ ᠲᠤ ᠲᠠᠷᠢᠯᠭ᠎ᠠ ᠬᠢᠬᠦ ᠠᠵᠢᠯ ᠢ ᠡᠬᠢᠯᠡᠭᠦᠯᠦᠭᠰᠡᠨ ᠤ ᠳᠠᠷᠠᠭ᠎ᠠ᠂ ᠰᠢᠶᠠᠨ ᠤ ᠡᠮᠨᠡᠯᠭᠡ ᠶᠢᠨ ᠬᠤᠷᠢᠶ᠎ᠠ᠂ | ᠬᠢᠲᠠᠳ ᠮᠣᠩᠭᠤᠯ ᠤᠨ ᠡᠮᠨᠡᠯᠭᠡ ᠶᠢᠨ ᠬᠤᠷᠢᠶᠠᠨ ᠤ ᠸᠠᠺᠼᠢᠨ ᠤ ᠲᠠᠷᠢᠯᠭ᠎ᠠ ᠶᠢᠨ ᠴᠡᠭ ᠲᠤ 12 — 14 | ᠨᠠᠰᠤᠨ ᠤ ᠬᠥᠮᠦᠰ ᠲᠤ ᠸᠠᠺᠼᠢᠨ ᠤ ᠨᠢᠭᠡᠳᠦᠭᠡᠷ ᠵᠡᠭᠦᠦ ᠶᠢᠨ ᠲᠠᠷᠢᠯᠭ᠎ᠠ ᠶᠢ ᠲᠥᠪᠯᠡᠷᠡᠭᠦᠯᠦᠨ ᠥᠷᠨᠢᠭᠦᠯᠵᠦ᠂ 9 | ᠰᠠᠷ᠎ᠠ ᠶᠢᠨ 15 ᠤ ᠡᠳᠦᠷ ᠠᠴᠠ ᠡᠮᠦᠨ᠎ᠡ ᠬᠤᠶᠠᠳᠠᠬᠢ ᠲᠠᠷᠢᠯᠭ᠎ᠠ ᠶᠢᠨ ᠲᠠᠷᠢᠯᠭ᠎ᠠ ᠶᠢ ᠳᠠᠭᠤᠰᠬᠠᠬᠤ ᠶᠢᠨ ᠬᠠᠮᠲᠤ 15 | — 17 ᠨᠠᠰᠤ ᠵᠢᠴᠢ 18 ᠨᠠᠰᠤᠨ ᠠᠴᠠ ᠳᠡᠭᠡᠭᠰᠢᠬᠢ ᠬᠥᠮᠦᠰ ᠲᠤ ᠸᠠᠺᠼᠢᠨ ᠤ ᠲᠠᠷᠢᠯᠭ᠎ᠠ ᠶᠢ ᠦᠷᠭᠦᠯᠵᠢᠯᠡᠨ | ᠬᠢᠵᠦ᠂ ᠲᠣᠰ ᠡᠭᠡᠯᠵᠢ ᠶᠢᠨ ᠸᠠᠺᠼᠢᠨ ᠤ ᠲᠠᠷᠢᠯᠭ᠎ᠠ ᠶᠢᠨ ᠠᠵᠢᠯ ᠢ ᠪᠥᠬᠦ ᠬᠦᠴᠦᠨ ᠢᠶᠠᠷ ᠢᠶᠠᠨ ᠳᠥᠯᠭᠢᠨ | ᠠᠬᠢᠭᠤᠯᠵᠠᠢ᠃ | ︽ᠸᠠᠺᠼᠢᠨ ᠤ ᠲᠠᠷᠢᠯᠭ᠎ᠠ ᠬᠢᠭᠰᠡᠨ ᠤ ᠳᠠᠷᠠᠭ᠎ᠠ ᠭᠠᠷ ᠵᠢᠭᠠᠬᠠᠨ ᠰᠡᠷᠢᠭᠦᠨ ᠰᠠᠨᠠᠭᠳᠠᠭᠰᠠᠨ᠂ ᠦᠭᠡᠷ᠎ᠡ ᠠᠶᠠᠭᠦᠶ | ᠰᠠᠨᠠᠭᠳᠠᠭᠰᠠᠨ ᠦᠭᠡᠢ ᠪᠣᠯᠬᠤᠷ ᠪᠢᠴᠢᠬᠠᠨ ᠨᠠᠶᠢᠵᠠ ᠨᠠᠷ ᠡᠷᠲᠡᠬᠡᠨ ᠸᠠᠺᠼᠢᠨ ᠤ ᠲᠠᠷᠢᠯᠭ᠎ᠠ ᠬᠢᠬᠦ ᠶᠢ ᠬᠦᠰᠡᠵᠦ | ᠪᠠᠶᠢᠨ᠎ᠠ︾ ᠭᠡᠵᠦ ᠦᠯᠡᠳᠡᠭᠡᠨ ᠠᠵᠢᠭᠯᠠᠬᠤ ᠲᠣᠭᠤᠷᠢᠭ ᠲᠤ ᠠᠵᠢᠭᠯᠠᠵᠤ ᠰᠠᠭᠤᠭ᠎ᠠ 13 ᠨᠠᠰᠤᠲᠠᠢ ᠷᠧᠨ ᡁᠢ ᠬᠡᠯᠡᠪᠡ | ᠃ | ᠰᠢᠨ᠎ᠡ ᠳᠢᠳᠢᠮᠯᠢᠭ ᠸᠢᠷᠦ᠋ᠰ ᠤᠨ ᠸᠠᠺᠼᠢᠨ ᠤ ᠲᠠᠷᠢᠯᠭ᠎ᠠ ᠶᠢᠨ ᠠᠵᠢᠯ ᠡᠬᠢᠯᠡᠭᠰᠡᠨ ᠠᠴᠠ ᠨᠠᠰᠢ᠂ 8 ᠰᠠᠷ᠎ᠠ ᠶᠢᠨ | 7 ᠤ ᠡᠳᠦᠷ ᠤᠨ ᠦᠳᠡ ᠶᠢᠨ ᠡᠮᠦᠨᠡᠬᠢ 9 ᠴᠠᠭ ᠪᠣᠯᠲᠠᠯ᠎ᠠ᠂ ᠬᠤᠸᠠᠳᠧ ᠰᠢᠶᠠᠨ ᠤ 12 — 14 ᠪᠦᠬᠦᠯᠢ | ᠨᠠᠰᠤᠨ ᠤ ᠬᠥᠮᠦᠰ ᠤᠨ ᠠᠩᠬᠠᠨ ᠤ ᠲᠠᠷᠢᠯᠭ᠎ᠠ ᠶᠢᠨ ᠲᠤᠭ᠎ᠠ 2077 ᠬᠦᠷᠴᠦ᠂ ᠴᠥᠮ ᠠᠮᠤᠷ ᠲᠦᠪᠰᠢᠨ ᠪᠥᠭᠡᠳ | ᠨᠠᠶᠢᠳᠠᠪᠤᠷᠢᠲᠠᠶ ᠪᠣᠯᠵᠠᠶ᠃ ᠬᠤᠸᠠᠳᠧ ᠰᠢᠶᠠᠨ ᠤ ᠬᠢᠵᠢᠭ ᠢ ᠰᠡᠷᠭᠡᠶᠢᠯᠡᠬᠦ ᠲᠥᠪ ᠤᠨ ᠬᠤᠯᠪᠣᠭᠳᠠᠯ ᠪᠥᠬᠦᠶ | ᠬᠠᠷᠢᠭᠤᠴᠠᠯᠭᠠᠲᠠᠨ ᠢᠯᠡᠷᠬᠡᠶᠢᠯᠡᠬᠦ ᠳᠡᠭᠡᠨ᠂ ᠣᠳᠣᠬᠠᠨ ᠳᠤ ᠬᠢᠵᠢᠭ ᠤᠨ ᠪᠠᠶᠢᠳᠠᠯ ᠬᠦᠨᠳᠦ ᠬᠡᠴᠡᠭᠦᠤ ᠪᠠᠶᠢᠨ᠎ᠠ᠂ | ᠰᠢᠨ᠎ᠡ ᠳᠢᠳᠢᠮᠯᠢᠭ ᠸᠢᠷᠦ᠋ᠰ ᠤᠨ ᠸᠠᠺᠼᠢᠨ ᠤ ᠲᠠᠷᠢᠯᠭ᠎ᠠ ᠬᠢᠬᠦ ᠪᠣᠯ ᠣᠳᠣᠬᠠᠨ ᠤ ᠠᠶᠤᠯ ᠲᠦᠭᠰᠢᠭᠦᠷᠢ ᠶᠢ | ᠠᠷᠭᠠᠴᠠᠬᠤ ᠬᠠᠮᠤᠭ ᠤᠨ ᠰᠢᠭᠤᠳ᠂ ᠬᠠᠮᠤᠭ ᠤᠨ ᠲᠦᠷᠭᠡᠨ᠂ ᠬᠠᠮᠤᠭ ᠤᠨ ᠪᠦᠲᠦᠮᠵᠢᠲᠡᠶ ᠠᠷᠭ᠎ᠠ ᠪᠠᠷᠢᠯ ᠮᠥᠨ | ᠭᠡᠵᠡᠶ᠃ ᠲᠡᠷᠡ ᠪᠠᠰᠠ ᠥᠷᠭᠡᠨ ᠣᠯᠠᠨ ᠬᠤᠲᠠ ᠶᠢᠨ ᠠᠷᠠᠳ ᠢ ᠴᠡᠭᠡᠷᠯᠡᠬᠦ ᠡᠪᠡᠳᠴᠢᠨ ᠦᠭᠡᠶ ᠪᠠᠶᠢᠳᠠᠯ ᠳᠣᠣᠷ᠎ᠠ | ᠰᠠᠨᠠᠭᠠᠴᠢᠯᠠᠭ᠎ᠠ ᠠᠴᠠ ᠪᠠᠨ ᠰᠢᠨ᠎ᠡ ᠳᠢᠳᠢᠮᠯᠢᠭ ᠸᠢᠷᠦ᠋ᠰ ᠤᠨ ᠸᠠᠺᠼᠢᠨ ᠤ ᠲᠠᠷᠢᠯᠭ᠎ᠠ ᠳᠠᠷᠢᠵᠤ᠂ ᠪᠦᠬᠦ ᠰᠢᠶᠠᠨ ᠤ | ᠡᠭᠡᠯᠢᠯᠡᠭᠡ ᠶᠢᠨ ᠠᠶᠤᠯᠭᠦᠶ ᠶᠢᠨ ᠬᠠᠯᠬᠠᠪᠴᠢ ᠶᠢ ᠲᠦᠷᠭᠡᠪᠴᠢᠯᠡᠨ ᠪᠠᠶᠢᠭᠤᠯᠬᠤ ᠬᠡᠷᠡᠭᠲᠡᠶ ᠭᠡᠵᠦ ᠤᠷᠢᠶᠠᠯᠠᠵᠠᠢ᠃ ︵ᠯᠢ | ᠵᠢᠩ ᠯᠠᠨ ᠢᠦᠶ ᠱᠠᠨ︶ | ᠢᠷᠡᠯᠲᠡ᠄ ᠣᠯᠠᠭᠠᠨᠴᠠᠪ ᠮᠤᠩᠭᠤᠯ ᠰᠦᠯᠵᠢᠶ᠎ᠡ |