| ᠣᠶᠢᠷ᠎ᠠ ᠳᠤ᠂ ᠮᠠᠨ ᠤ ᠤᠯᠤᠰ ᠤᠨ ᠰᠢᠨᠵᠢᠯᠡᠬᠦ ᠤᠬᠠᠭᠠᠨᠲᠠᠳ ᠤᠨ ᠲᠠᠭᠠᠭᠤᠯᠣᠨ ᠬᠢᠭᠰᠡᠨ ᠣᠯᠠᠨ ᠤᠯᠤᠰ ᠤᠨ | ᠨᠢᠭᠡᠨ ᠰᠤᠳᠤᠯᠭᠠᠨ ᠳᠤ ᠢᠯᠡᠷᠡᠭᠦᠯᠦᠭᠰᠡᠨ ᠢᠶᠠᠷ᠂ ᠬᠥᠮᠦᠨ ᠲᠥᠷᠥᠯᠬᠢᠲᠡᠨ ᠤ ᠬᠤᠷᠤᠭᠤᠨ ᠣᠷᠣᠮ ᠪᠠ ᠮᠥᠴᠢ ᠶᠢᠨ | ᠪᠤᠶᠢᠵᠢᠯᠲᠠ ᠨᠢ ᠳᠡᠭᠡᠳᠦ ᠬᠡᠮᠵᠢᠶᠡᠨ ᠤ ᠭᠧᠨ ᠤ ᠬᠤᠯᠪᠣᠭ᠎ᠠ ᠲᠠᠢ ᠪᠠᠶᠢᠳᠠᠭ᠃ ᠬᠥᠮᠦᠨ ᠤ ᠪᠡᠶ᠎ᠡ ᠶᠢᠨ ᠭᠠᠳᠠᠷ | ᠣᠨᠴᠠᠯᠢᠭ ᠪᠠ ᠤᠳᠤᠮᠰᠢᠯ ᠤᠨ ᠭᠧᠨ ᠤ ᠲᠤᠬᠠᠶ ᠭᠦᠨᠵᠡᠭᠡᠶ ᠰᠤᠳᠤᠯᠤᠯ ᠨᠢ᠂ ᠲᠥᠷᠥᠯᠬᠢ ᠡᠪᠡᠳᠴᠢᠨ ᠢ ᠡᠷᠲᠡ | ᠰᠢᠭᠰᠢᠬᠦ᠂ ᠬᠥᠮᠦᠨ ᠤ ᠪᠡᠶ᠎ᠡ ᠶᠢᠨ ᠡᠪᠡᠳᠴᠢᠨ ᠤ ᠬᠤᠪᠢᠷᠠᠯᠲᠠ ᠶᠢ ᠤᠷᠢᠳᠴᠢᠯᠠᠨ ᠰᠡᠷᠭᠡᠶᠢᠯᠡᠬᠦ ᠵᠡᠷᠭᠡ ᠡᠯ᠎ᠡ | ᠬᠦᠷᠢᠶᠡᠨ ᠳᠤ ᠴᠢᠬᠤᠯᠠ ᠦᠨ᠎ᠡ ᠥᠷᠲᠡᠭ ᠲᠠᠢ ᠶᠤᠮ᠃ ᠣᠳᠣᠬᠠᠨ ᠳᠤ ᠨᠢᠯᠬ᠎ᠠ ᠬᠡᠦᠬᠡᠳ ᠤᠨ ᠠᠷᠠᠰᠤᠨ ᠤ | ᠵᠢᠷᠤᠭᠠᠰᠤ ᠪᠠᠷ ᠳᠠᠮᠵᠢᠨ᠂ ᠲᠦᠷᠤᠯᠬᠢ ᠮᠡᠳᠡᠷᠡᠯ ᠤᠨ ᠡᠪᠡᠳᠴᠢᠨ ᠤ ᠰᠢᠨᠵᠢ ᠪᠠᠶᠢᠬᠤ ᠡᠰᠡᠬᠦ ᠶᠢ 98 % ᠶᠢᠨ | ᠤᠨᠤᠪᠴᠢ ᠪᠠᠷ ᠮᠠᠭᠠᠳᠯᠠᠵᠤ ᠲᠡᠶᠢᠯᠦᠨ᠎ᠡ᠃ | ᠮᠥᠴᠢ ᠶᠢᠨ ᠪᠤᠶᠢᠵᠢᠯᠲᠠ ᠶᠢᠨ ᠬᠤᠯᠪᠣᠭᠳᠠᠯ ᠪᠦᠬᠦᠢ ᠭᠧᠨ ᠨᠢ ᠬᠤᠷᠤᠭᠤᠨ ᠣᠷᠣᠮ ᠤᠨ ᠵᠢᠷᠣᠭᠠᠰᠣᠨ ᠤ | ᠪᠦᠷᠢᠯᠳᠦᠯ ᠳᠤ ᠭᠤᠣᠯᠯᠠᠬᠤ ᠦᠢᠯᠡᠳᠦᠯ ᠦᠵᠡᠭᠦᠯᠦᠨ᠎ᠡ᠃ ᠤᠷᠳᠤ ᠬᠤᠭᠤᠴᠠᠭᠠᠨ ᠤ ᠲᠤᠷᠰᠢ᠂ ᠬᠤᠷᠤᠭᠤᠨ ᠤᠷᠤᠮ | ᠪᠣᠯ ᠵᠥᠪᠬᠡᠨ ᠠᠷᠠᠰᠤ ᠲᠠᠢ ᠬᠤᠯᠪᠣᠭᠳᠠᠬᠤ ᠤᠳᠤᠮᠰᠢᠯ ᠤᠨ ᠣᠨᠴᠠᠯᠢᠭ ᠮᠥᠨ ᠭᠡᠵᠦ ᠬᠦᠮᠤᠰ ᠨᠡᠶᠢᠲᠡᠮ ᠦᠵᠡᠭᠰᠡᠭᠡᠷ | ᠢᠷᠡᠪᠡ᠂ 2018 ᠣᠨ ᠳᠤ ᠮᠠᠨ ᠤ ᠤᠯᠤᠰ ︽ᠬᠥᠮᠦᠨ ᠲᠥᠷᠥᠯᠬᠢᠲᠡᠨ ᠤ ᠭᠠᠳᠠᠷ ᠲᠦᠷᠬᠦ ᠶᠢᠨ ᠪᠦᠳᠦᠴᠡ︾ ᠶᠢᠨ | ᠤᠯᠠᠨ ᠤᠯᠤᠰ ᠤᠨ ᠲᠤᠮᠤ ᠰᠢᠨᠵᠢᠯᠡᠬᠦ ᠤᠬᠠᠭᠠᠨ ᠤ ᠲᠥᠯᠥᠪᠯᠡᠭᠡ ᠶᠢ ᠰᠠᠨᠠᠭᠠᠴᠢᠯᠠᠵᠤ᠂ ᠬᠥᠮᠦᠨ ᠲᠥᠷᠥᠯᠬᠢᠲᠡᠨ ᠤ | ᠠᠮᠢ ᠨᠠᠰᠤᠨ ᠤ ᠣᠨᠴᠠᠯᠢᠭ ᠲᠤ ᠤᠳᠤᠮᠰᠢᠯ ᠤᠨ ᠤᠬᠠᠭᠠᠨ ᠤ ᠨᠡᠩ ᠭᠦᠨᠵᠡᠭᠡᠢ ᠰᠤᠳᠤᠯᠭᠠᠨ ᠬᠢᠵᠡᠢ᠃ ᠹᠦᠳᠠᠨ ᠶᠡᠭᠡ | ᠰᠤᠷᠭᠠᠭᠤᠯᠢ ᠪᠠ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠬᠠᠮᠢᠶ᠎ᠠ ᠪᠥᠬᠦᠶ ᠪᠦᠯᠬᠦᠮ | ᠨᠡᠶᠢᠲᠡ ᠤᠯᠤᠰ ᠤᠨ ᠳᠣᠲᠣᠭᠠᠳᠤ ᠭᠠᠳᠠᠭᠠᠳᠤ ᠶᠢᠨ ᠠᠷᠪᠠ ᠭᠠᠷᠤᠶ ᠰᠢᠨᠵᠢᠯᠡᠬᠦ ᠤᠬᠠᠭᠠᠨ ᠤ ᠰᠤᠳᠤᠯᠭᠠᠨ ᠤ | ᠪᠠᠶᠢᠭᠤᠯᠤᠮᠵᠢ ᠲᠠᠢ ᠬᠠᠮᠲᠤᠷᠠᠨ᠂ ᠣᠯᠠᠨ ᠤᠳᠤᠮ ᠣᠭᠰᠠᠭᠠᠨ ᠤ ᠬᠦᠮᠤᠰ ᠤᠨ ᠬᠤᠷᠤᠭᠤᠨ ᠣᠷᠣᠮ ᠤᠨ ᠬᠡ ᠶᠢ | ᠴᠤᠭᠯᠠᠭᠤᠯᠵᠤ᠂ ᠵᠠᠭᠤᠭᠠᠳ ᠲᠦᠮᠡᠨ ᠤᠳᠤᠮᠯᠠᠯ ᠤᠨ ᠣᠷᠣᠨ ᠪᠠᠶᠢᠷᠢ ᠶᠢᠨ ᠴᠡᠭ ᠢ ᠵᠠᠳᠠᠯᠵᠤ᠂ ᠡᠴᠦᠰ ᠲᠡᠭᠡᠨ | ᠮᠥᠴᠢ ᠶᠢᠨ ᠪᠤᠶᠢᠵᠢᠯᠲᠠ ᠶᠢᠨ ᠬᠠᠮᠢᠶ᠎ᠠ ᠪᠥᠬᠦᠶ ᠭᠧᠨ ᠨᠢ ᠬᠤᠷᠤᠭᠤᠨ ᠣᠷᠣᠮ ᠤᠨ ᠬᠡ ᠤᠭᠠᠯᠵᠠ ᠶᠢᠨ ᠬᠡᠯᠪᠡᠷᠢ | ᠪᠦᠷᠢᠯᠳᠦᠬᠦ ᠳᠤ ᠭᠤᠤᠯᠯᠠᠬᠤ ᠦᠢᠯᠡᠳᠦᠯ ᠦᠵᠡᠭᠦᠯᠦᠭᠰᠡᠨ ᠢ ᠨᠤᠲᠠᠯᠠᠪᠠ᠃ ᠲᠥᠷᠥᠯᠬᠢ ᠡᠪᠡᠳᠴᠢᠨ ᠢ ᠡᠷᠲᠡ | ᠰᠢᠭᠰᠢᠬᠦ᠂ ᠬᠥᠮᠦᠨ ᠤ ᠪᠡᠶ᠎ᠡ ᠶᠢᠨ ᠡᠪᠡᠳᠴᠢᠨ ᠤ ᠬᠤᠪᠢᠷᠠᠯᠲᠠ ᠶᠢ ᠤᠷᠢᠳᠴᠢᠯᠠᠨ ᠰᠡᠷᠭᠡᠶᠢᠯᠡᠬᠦ ᠵᠡᠷᠭᠡ ᠬᠦᠷᠢᠶᠡᠨ ᠳᠤ | ᠴᠢᠬᠤᠯᠠ ᠦᠨ᠎ᠡ ᠥᠷᠲᠡᠭ ᠲᠠᠢ ᠬᠤᠷᠤᠭᠤᠨ ᠣᠷᠣᠮ ᠤᠨ ᠭᠧᠨ ᠤ ᠨᠢᠭᠤᠴᠠ ᠶᠢ ᠠᠩᠬ᠎ᠠ ᠲᠠᠶᠢᠯᠤᠭᠰᠠᠨ ᠨᠢ | ᠣᠨᠣᠯ ᠤᠨ ᠦᠷ᠎ᠡ ᠪᠦᠲᠦᠭᠡᠯ ᠪᠣᠯᠬᠤ ᠪᠠᠷ ᠪᠠᠷᠠᠬᠤ ᠥᠬᠡᠶ᠂ ᠪᠠᠰᠠ ᠬᠥᠮᠦᠨ ᠲᠥᠷᠥᠯᠬᠢᠲᠡᠨ ᠤ ᠭᠠᠳᠠᠷ ᠲᠦᠷᠬᠦ ᠶᠢᠨ | ᠪᠦᠳᠦᠴᠡ ᠶᠢᠨ ᠰᠤᠳᠤᠯᠭᠠᠨ ᠠᠯᠤᠰ ᠢᠷᠡᠭᠡᠳᠦᠶ ᠲᠠᠢ ᠪᠠᠶᠢᠬᠤ ᠶᠢ ᠬᠠᠷᠠᠭᠤᠯᠵᠤ ᠪᠠᠶᠢᠨ᠎ᠠ᠃ | ᠬᠥᠮᠦᠨ ᠤ ᠪᠡᠶ᠎ᠡ ᠶᠢᠨ ᠭᠠᠳᠠᠷ ᠣᠨᠴᠠᠯᠢᠭ ᠪᠠ ᠤᠳᠤᠮᠯᠠᠯ ᠤᠨ ᠭᠧᠨ ᠤ ᠲᠤᠬᠠᠶ ᠭᠦᠨᠵᠡᠭᠡᠶ ᠰᠤᠳᠤᠯᠤᠯ ᠢᠶᠠᠷ | ᠳᠡᠮᠵᠢᠨ᠂ ᠲᠥᠷᠥᠯᠬᠢ ᠡᠪᠡᠳᠴᠢᠨ ᠢ ᠡᠷᠲᠡ ᠰᠢᠭᠰᠢᠬᠦ᠂ ᠬᠥᠮᠦᠨ ᠤ ᠪᠡᠶ᠎ᠡ ᠶᠢᠨ ᠡᠪᠡᠳᠴᠢᠨ ᠤ ᠬᠤᠪᠢᠷᠠᠯᠲᠠ ᠶᠢ | ᠤᠷᠢᠳᠴᠢᠯᠠᠨ ᠰᠡᠷᠭᠡᠶᠢᠯᠡᠬᠦ ᠵᠡᠷᠭᠡ ᠡᠯ᠎ᠡ ᠬᠦᠷᠢᠶᠡᠨ ᠳᠤ ᠴᠢᠬᠤᠯᠠ ᠶᠡᠭᠡ ᠦᠨ᠎ᠡ ᠥᠷᠲᠡᠭ ᠲᠠᠢ ᠶᠤᠮ᠂ | ᠣᠳᠣᠬᠠᠨ ᠳᠤ ᠰᠢᠨᠵᠢᠯᠡᠬᠦ ᠤᠬᠠᠭᠠᠨ ᠤ ᠰᠤᠳᠤᠯᠭᠠᠨ ᠤ ᠪᠦᠯᠬᠦᠮ ᠤᠳ ᠨᠢᠭᠡᠨᠲᠡ ᠡᠮᠴᠢᠯᠡᠭᠡᠨ ᠤ ᠪᠠᠶᠢᠭᠤᠯᠤᠮᠵᠢ ᠲᠠᠢ | ᠬᠠᠮᠲᠤᠷᠠᠨ ᠠᠵᠢᠯᠯᠠᠵᠤ᠂ ᠬᠡᠷᠡᠭᠯᠡᠭᠡᠨ ᠤ ᠬᠦᠷᠢᠶᠡᠨ ᠳᠠᠬᠢ ᠦᠢᠯᠡᠳᠦᠯᠭᠡ ᠶᠢᠨ ᠰᠤᠳᠤᠯᠭᠠᠨ ᠢ ᠤᠯᠠᠮ ᠨᠢᠭᠡ ᠠᠯᠬᠤᠮ | ᠦᠷᠭᠡᠳᠭᠡᠵᠦ ᠪᠠᠶᠢᠨ᠎ᠠ᠃ | ᠢᠷᠡᠯᠲᠡ᠄ ᠠᠷᠠᠳ ᠤᠨ ᠰᠦᠯᠵᠢᠶ᠎ᠡ | | | | |