ᠤᠯᠤᠰ ᠣᠷᠣᠨ ᠠᠴᠠ ᠬᠦᠴᠦᠲᠡᠢ ᠠᠷᠭ᠎ᠠ ᠬᠡᠮᠵᠢᠶ᠎ᠡ ᠠᠪᠴᠤ ᠠᠮᠢ ᠠᠬᠤᠢ ᠶᠢ ᠬᠦᠴᠦᠯᠡᠨ ᠬᠠᠮᠠᠭᠠᠯᠠᠵᠤ | ᠰᠡᠷᠭᠦᠭᠡᠭᠰᠡᠨ ᠢᠶᠠᠷ ᠠᠮᠢ ᠠᠬᠤᠢ ᠢᠯᠡᠷᠬᠡᠢ ᠰᠡᠷᠭᠦᠵᠦ ᠪᠠᠶᠢᠨ᠎ᠠ᠃ ᠲᠡᠭᠦᠨ ᠤ ᠨᠢᠭᠡ ᠢᠯᠡᠷᠡᠯ ᠨᠢ ᠡᠪᠡᠰᠦ | ᠤᠷᠭᠤᠮᠠᠯ ᠤᠨ ᠪᠦᠷᠬᠦᠴᠡ ᠰᠠᠶᠢᠵᠢᠷᠠᠵᠤ ᠪᠠᠶᠢᠭ᠎ᠠ ᠶᠢ ᠪᠢᠳᠠ ᠪᠦᠭᠦᠨ ᠬᠠᠷᠠᠵᠤ ᠪᠠᠶᠢᠨ᠎ᠠ᠃ ᠭᠡᠪᠡᠴᠦ | ᠨᠢᠭᠡ ᠦᠵᠡᠭᠳᠡᠯ ᠢ ᠪᠠᠰᠠ ᠳᠤᠷᠠᠳᠤᠨ ᠭᠠᠷᠭᠠᠵᠤ ᠲᠠᠶᠢᠯᠪᠤᠷᠢᠯᠠᠵᠤ ᠤᠬᠠᠭᠤᠯᠬᠤ ᠦᠭᠡᠢ ᠪᠣᠯ ᠪᠣᠯᠬᠤ ᠦᠭᠡᠢ ᠮᠡᠲᠦ᠂ | ᠶᠠᠭᠤ ᠪᠤᠢ︖ ᠭᠡᠪᠡᠯ ᠡᠮᠲᠦ ᠤᠷᠭᠤᠮᠠᠯ᠂ ᠥᠭᠡᠷ᠎ᠡ ᠪᠠᠷ ᠬᠡᠯᠡᠪᠡᠯ ᠡᠮ ᠳᠤ ᠣᠷᠣᠳᠠᠭ ᠤᠷᠭᠤᠮᠠᠯ ᠢ ᠵᠠᠷᠢᠮ ᠬᠥᠮᠥᠰ | ᠨᠢᠭᠤᠴᠠ ᠪᠠᠷ᠂ ᠡᠷᠦᠢ ᠬᠤᠷᠤᠢ ᠦᠭᠡᠢ ᠮᠠᠯᠲᠠᠵᠤ ᠦᠭᠲᠡᠭᠡᠭᠡᠳ ᠪᠠᠶᠢᠨ᠎ᠠ᠃ ᠲᠡᠭᠡᠭᠦᠯᠡᠷ ᠤᠤᠯ ᠳᠠᠭᠠᠨ ᠮᠠᠨ ᠤ | ᠨᠤᠲᠤᠭ ᠤᠨ ᠠᠯᠢ ᠠᠯᠢ ᠤᠷᠭᠤᠮᠠᠯ ᠡᠮ ᠳᠤ ᠣᠷᠣᠳᠠᠭ ᠭᠡᠵᠦ ᠣᠮᠣᠭᠰᠢᠵᠤ ᠬᠥᠭᠡᠷᠳᠡᠭ ᠪᠠᠶᠢᠭᠰᠠᠨ ᠪᠣᠯ ᠤᠳᠤ | ᠬᠠᠷᠢᠨ ᠬᠥᠮᠥᠰ︽ᠨᠢᠭᠤᠵᠤ ᠬᠠᠪᠴᠢᠭᠠᠳ︾ᠲᠠᠭᠤ ᠦᠭᠡᠢ ᠰᠡᠮᠡᠭᠡᠷ ᠪᠠᠶᠢᠳᠠᠭ ᠪᠣᠯᠵᠠᠢ᠃ ᠤᠴᠢᠷ ᠨᠢ ᠡᠮ ᠳᠤ | ᠣᠷᠣᠳᠠᠭ ᠰᠠᠶᠢᠨ ᠶᠠᠭᠤᠮ᠎ᠠ ᠭᠡᠰᠡᠨ ᠢ ᠨᠢ ᠤᠯᠠᠨ ᠬᠥᠮᠥᠨ ᠮᠡᠳᠡᠴᠢᠬᠡᠪᠡᠯ ᠠᠯᠢ ᠨᠢᠭᠡ ᠨᠢ ᠰᠥᠨᠢ ᠪᠠᠷ ᠢᠷᠡᠭᠡᠳ | ᠪᠤᠶᠤ ᠠᠯᠢ ᠨᠢᠭᠡ ᠴᠠᠭ ᠢᠶᠠᠷ ᠨᠢ ᠬᠥᠮᠥᠰ ᠢ ᠮᠡᠳᠡᠬᠦ ᠦᠭᠡᠢ ᠪᠠᠶᠢᠬᠤ ᠳᠤᠨᠢ ᠰᠡᠮᠡᠭᠡᠷ ᠦᠨᠳᠦᠰᠦ ᠲᠠᠢ | ᠨᠢ ᠦᠭᠲᠡᠭᠡᠵᠦ ᠤᠭ ᠢᠶᠠᠷ ᠨᠢ ᠮᠠᠯᠲᠠᠵᠤ ᠠᠪᠤᠭᠠᠳ ᠶᠠᠪᠤᠴᠢᠬᠠᠭᠰᠠᠨ ᠪᠠᠶᠢᠳᠠᠭ ᠠᠵᠢ᠃ ᠮᠢᠨᠤ ᠦᠵᠡᠬᠦ ᠪᠠᠷ᠂ | ᠬᠠᠮᠢᠶ᠎ᠠ ᠪᠦᠬᠦᠢ ᠰᠠᠯᠠᠭ᠎ᠠ ᠮᠥᠴᠢᠷ ᠤᠨ ᠬᠢᠨ ᠬᠢᠨᠠᠯᠲᠠ ᠬᠠᠮᠢᠶᠠᠷᠤᠯᠲᠠ ᠪᠠᠨ ᠴᠢᠩᠭᠠᠳᠬᠠᠬᠤ ᠠᠴᠠ ᠭᠠᠳᠠᠨ᠎ᠠ᠂ | ᠲᠠᠶᠢᠯᠪᠤᠷᠢᠯᠠᠵᠤ ᠤᠬᠠᠭᠤᠯᠬᠤ ᠠᠵᠢᠯ ᠢ ᠴᠧ ᠰᠠᠶᠢᠲᠤᠷ ᠬᠢᠪᠡᠯ ᠡᠨᠡ ᠦᠵᠡᠭᠳᠡᠯ ᠢ ᠬᠤᠷᠢᠭᠯᠠᠬᠤ ᠳᠤ ᠲᠤᠰᠠᠲᠠᠢ | ᠭᠡᠵᠦ ᠪᠤᠳᠤᠵᠦ ᠪᠠᠶᠢᠨ᠎ᠠ᠃ | ᠡᠩ ᠲᠡᠷᠢᠭᠦᠨ ᠳᠤ᠂ ᠡᠮ ᠢ ᠶᠠᠮᠠᠷ ᠴᠧ ᠭᠡᠮ ᠦᠭᠡᠢ᠂ ᠤᠴᠢᠷ ᠰᠢᠯᠲᠠᠭᠠᠨ ᠦᠭᠡᠢ ᠪᠣᠯ ᠳᠤᠷ᠎ᠠ ᠪᠠᠷ ᠤᠤᠭᠤᠵᠤ | ᠪᠤᠯᠳᠠᠭ ᠦᠭᠡᠢ ᠲᠠᠢ ᠠᠳᠠᠯᠢᠬᠠᠨ᠂ ᠡᠮ ᠳᠤ ᠣᠷᠣᠳᠠᠭ ᠤᠷᠭᠤᠮᠠᠯ ᠢ ᠪᠠᠰᠠ ᠤᠴᠢᠷ ᠰᠢᠯᠲᠠᠭᠠᠨ ᠦᠭᠡᠢ ᠪᠣᠯ | ᠳᠤᠷ᠎ᠠ ᠪᠠᠷ ᠢᠳᠡᠵᠦ ᠪᠤᠯᠳᠠᠭ ᠦᠭᠡᠢ ᠶᠤᠮ᠃ ᠲᠤᠬᠠᠶᠢᠯᠠᠪᠠᠯ᠂ ᠮᠠᠨ ᠤ ᠨᠤᠲᠤᠭ ᠲᠤ ᠰᠢᠬᠢᠷ ᠡᠪᠡᠰᠦ ᠤᠷᠭᠤᠳᠠᠭ᠂ | ᠭᠡᠪᠡᠴᠦ ᠨᠤᠲᠤᠭ ᠤᠨ ᠬᠥᠮᠥᠰ ᠰᠢᠬᠢᠷ ᠡᠪᠡᠰᠦ ᠶᠢ ᠡᠮ ᠳᠤ ᠣᠷᠣᠳᠠᠭ ᠭᠡᠳ ᠶᠡᠷᠦ ᠠᠴᠠ ᠡᠷᠦᠢ ᠬᠤᠷᠤᠢ ᠦᠭᠡᠢ᠂ | ᠳᠤᠷ᠎ᠠ ᠪᠠᠷ ᠬᠡᠷᠡᠭᠯᠡᠳᠡᠭ ᠦᠭᠡᠢ ᠶᠤᠮ᠂ ᠰᠢᠳᠤ ᠬᠠᠪᠤᠩᠨᠠᠵᠤ ᠬᠥᠭᠡᠷᠬᠦ᠂ ᠡᠰᠡᠪᠡᠯ ᠢᠰᠢᠭᠡ ᠬᠤᠷᠠᠭ᠎ᠠ ᠠᠮᠠᠷᠠᠤᠲᠤᠵᠤ | ᠬᠠᠯᠠᠭᠤᠳᠠᠬᠤ ᠦᠶᠡᠰ ᠰᠠᠶ᠋ᠢ ᠰᠢᠬᠢᠷ ᠡᠪᠡᠰᠦ ᠶᠢ ᠤᠰᠤᠨ ᠳᠤ ᠴᠢᠨᠠᠵᠤ ᠪᠤᠴᠠᠯᠭᠠᠭᠠᠳ ᠰᠥᠮᠥᠰᠤ ᠶᠢ ᠨᠢ | ᠤᠤᠭᠤᠵᠤ ᠤᠰᠤᠯᠠᠵᠤ ᠬᠠᠯᠠᠭᠤᠨ ᠢ ᠨᠢ ᠲᠠᠭᠤᠳᠠᠭ ᠪᠢᠯᠡ᠃ ᠬᠡᠷᠪᠡ ᠡᠷᠡᠭᠦᠯ ᠬᠥᠮᠥᠨ ᠶᠠᠮᠠᠷ ᠴᠧ ᠤᠴᠢᠷ ᠰᠢᠯᠲᠠᠭᠠᠨ | ᠦᠭᠡᠢ ᠪᠠᠷ ᠰᠢᠬᠢᠷ ᠡᠪᠡᠰᠦ ᠶᠢ ᠬᠡᠷᠡᠭᠯᠡᠪᠡᠯ ᠭᠡᠳᠡᠷᠭᠦ ᠴᠠᠭᠠᠨ ᠮᠢᠬ᠎ᠠ ᠭᠠᠷᠬᠤ᠂ ᠪᠡᠶ᠎ᠡ ᠰᠡᠷᠢᠭᠦᠳᠡᠬᠦ ᠮᠡᠲᠦ ᠬᠡᠪ ᠤᠨ | ᠪᠤᠰᠤ ᠢᠯᠡᠷᠡᠯ ᠲᠠᠢ ᠪᠣᠯᠵᠤ ᠡᠪᠡᠳᠴᠢᠨ ᠣᠯᠬᠤ ᠳᠤ ᠬᠦᠷᠬᠦ ᠪᠣᠯᠣᠨ᠎ᠠ᠃ ᠭᠡᠲᠡᠯ᠎ᠡ ᠤᠳᠤ ᠨᠡᠶᠢᠭᠡᠮ ᠳᠡᠭᠡᠷ᠎ᠡ ᠵᠠᠷᠢᠮ | ᠬᠤᠭᠤᠯᠠᠨ ᠭᠡᠷ ᠬᠠᠯᠠᠭᠤᠨ ᠲᠣᠭᠤᠭ᠎ᠠ᠂ ᠬᠤᠭᠤᠯᠠ ᠪᠤᠳᠠᠭ᠎ᠠ ᠳᠣᠲᠣᠷ᠎ᠠ ᠪᠠᠨ ᠣᠷᠬᠤᠳᠠᠢ᠂ ᠬᠤᠨᠴᠢᠷ ᠵᠡᠷᠭᠡ ᠡᠮ ᠳᠤ | ᠣᠷᠣᠳᠠᠭ ᠤᠷᠭᠤᠮᠠᠯ ᠢ ᠬᠢᠴᠢᠬᠡᠭᠰᠡᠨ ᠪᠠᠶᠢᠬᠤ ᠬᠠᠷᠠᠭᠳᠠᠳᠠᠭ ᠪᠥᠭᠡᠳ ᠲᠠᠮᠢᠷ ᠨᠥᠬᠦᠵᠦ ᠪᠡᠶ᠎ᠡ ᠰᠠᠶᠢᠵᠢᠷᠠᠭᠤᠯᠤᠨ᠎ᠠ᠂ | ᠰᠢᠮ᠎ᠡ ᠲᠡᠵᠢᠭᠡᠯ ᠲᠠᠢ ᠭᠡᠵᠦ ᠦᠯᠢᠶᠡᠵᠦ ᠬᠥᠭᠡᠷᠴᠦ ᠪᠠᠶᠢᠳᠠᠭ᠃ ᠦᠨᠡᠨ ᠳᠡᠭᠡᠨ ᠪᠡᠶ᠎ᠡ ᠲᠠᠮᠢᠷ ᠲᠤᠷᠤᠢ ᠬᠥᠮᠥᠨ | ᠢᠳᠡᠬᠦ ᠳᠤ ᠰᠠᠶᠢᠨ ᠪᠠᠶᠢᠵᠤ ᠮᠠᠭᠠᠳ ᠦᠭᠡᠢ᠂ ᠭᠡᠪᠡᠴᠦ ᠡᠷᠡᠭᠦᠯ ᠬᠥᠮᠥᠨ ᠪᠠᠶᠢᠩᠭᠤ ᠤᠯᠠᠨ ᠢᠳᠡᠬᠦ ᠶᠤᠮ ᠪᠣᠯ | ᠪᠡᠶ᠎ᠡ ᠶᠢ ᠲᠡᠩᠬᠡᠷᠡᠭᠦᠯᠬᠦ ᠪᠢᠰᠢ᠂ ᠬᠠᠷᠢᠨ ᠭᠡᠳᠡᠷᠭᠦ ᠪᠡᠶ᠎ᠡ ᠶᠢᠨ ᠲᠡᠩᠴᠡᠭᠦᠷᠢ ᠶᠢ ᠡᠪᠳᠡᠵᠦ᠂ ᠬᠤᠣᠷ ᠪᠣᠯᠬᠤ ᠳᠤ | ᠭᠦᠷᠦᠨ᠎ᠠ᠃ ᠤᠴᠢᠷ ᠨᠢ᠂ ᠡᠪᠡᠳᠴᠢᠨ ᠣᠷᠣᠯ᠎ᠠ ᠭᠡᠰᠡᠨ ᠨᠢ ᠪᠡᠶ᠎ᠡ ᠰᠡᠷᠢᠭᠦᠳᠡᠬᠦ ᠶᠤᠮ ᠤᠤ᠂ ᠲᠠᠮᠢᠷ ᠳᠣᠷᠣᠶᠢᠲᠠᠬᠤ | ᠭᠡᠬᠦ ᠮᠡᠲᠦ ᠪᠠᠷ ᠪᠡᠶ᠎ᠡ ᠶᠢᠨ ᠶᠠᠮᠠᠷ ᠨᠢᠭᠡᠨ ᠲᠡᠩᠴᠡᠭᠦᠷᠢ ᠨᠢ ᠠᠯᠳᠠᠭᠳᠠᠪᠠ ᠭᠡᠰᠡᠨ ᠦᠭᠡ ᠪᠣᠯᠬᠤ ᠪᠥᠭᠡᠳ ᠡᠮ | ᠤᠤᠭᠤᠵᠤ ᠡᠪᠡᠳᠴᠢᠨ ᠢᠶᠠᠨ ᠡᠳᠡᠭᠡᠭᠡᠨ᠎ᠡ ᠭᠡᠰᠡᠨ ᠨᠢ ᠡᠮ ᠢᠶᠠᠷ ᠡᠨᠡ ᠬᠦ ᠲᠡᠩᠴᠡᠭᠦᠷᠢ ᠶᠢ ᠰᠡᠷᠭᠦᠭᠡᠵᠦ ᠲᠡᠭᠰᠢᠯᠡᠵᠦ | ᠪᠠᠶᠢᠭ᠎ᠠ ᠶᠠᠪᠤᠳᠠᠯ ᠪᠢᠯᠡ᠃ | ᠳᠠᠷᠠᠭᠠᠯᠠᠪᠠᠯ᠂ ᠡᠮ ᠳᠤ ᠣᠷᠣᠳᠠᠭ ᠤᠷᠭᠤᠮᠠᠯ ᠢ ᠬᠠᠮᠢᠶ᠎ᠠ ᠨᠠᠮᠢᠶ᠎ᠠ ᠦᠭᠡᠢ ᠲᠡᠭᠦᠳᠡᠭ ᠦᠭᠡᠢ ᠶᠤᠮ᠃ ᠵᠠᠷᠢᠮ | ᠤᠷᠭᠤᠮᠠᠯ ᠤᠨ ᠦᠷ᠎ᠡ ᠨᠢ ᠡᠮ ᠳᠤ ᠣᠷᠣᠳᠠᠭ ᠪᠣᠯ ᠵᠠᠷᠢᠮ ᠤᠷᠭᠤᠮᠠᠯ ᠤᠨ ᠡᠰᠢ ᠨᠢ ᠡᠮ ᠤᠨ ᠣᠷᠣᠨ᠎ᠠ᠂ ᠵᠠᠷᠢᠮ | ᠤᠷᠭᠤᠮᠠᠯ ᠤᠨ ᠦᠨᠳᠦᠰᠦ ᠨᠢ ᠡᠮ ᠳᠤ ᠣᠷᠣᠨ᠎ᠠ᠂ ᠥᠭᠡᠷ᠎ᠡ ᠪᠠᠷ ᠬᠡᠯᠡᠪᠡᠯ ᠶᠠᠭᠤ ᠨᠢ ᠡᠮ ᠳᠤ ᠣᠷᠣᠳᠠᠭ ᠭᠡᠰᠡᠨ | ᠠᠰᠠᠭᠤᠳᠠᠯ ᠪᠤᠢ᠃ ᠬᠡᠷᠪᠡ ᠦᠷ᠎ᠡ ᠨᠢ ᠡᠮ ᠳᠤ ᠣᠷᠣᠳᠠᠭ ᠤᠷᠭᠤᠮᠠᠯ ᠢ ᠬᠥᠷᠥᠰᠥᠨ ᠠᠴᠠ ᠤᠷᠭᠤᠵᠤ ᠭᠠᠷᠤᠭᠠᠳ | ᠳᠡᠮᠡᠢ ᠤᠳᠠᠭ᠎ᠠ ᠦᠭᠡᠢ ᠪᠠᠶᠢᠬᠤ ᠳᠤᠨᠢ ᠦᠨᠳᠦᠰᠦ ᠲᠠᠢ ᠨᠢ ᠦᠭᠲᠡᠭᠡᠭᠡᠳ ᠠᠪᠴᠢᠬᠠᠬᠤ ᠶᠤᠮ ᠪᠣᠯ ᠡᠨᠡ ᠨᠢ ᠶᠠᠮᠠᠷ | ᠬᠡᠷᠡᠭ ᠪᠣᠯᠬᠤ ᠪᠢᠯᠡ⁈ | ᠲᠠᠭᠢᠭᠠᠳ ᠬᠡᠯᠡᠪᠡᠯ᠂ ᠶᠠᠮᠠᠷ ᠴᠠᠭ ᠤᠯᠠᠷᠢᠯ ᠳᠤ ᠲᠡᠭᠦᠬᠦ ᠪᠣᠯᠬᠤ ᠭᠡᠰᠡᠨ ᠠᠰᠠᠭᠤᠳᠠᠯ ᠪᠤᠢ᠂ ᠪᠠᠰᠠ ᠥᠯᠭᠡ | ᠡᠭᠡᠪᠦᠷ ᠭᠠᠵᠠᠷ ᠠᠴᠠ ᠲᠡᠭᠦᠬᠦ ᠤᠤ᠂ ᠠᠭᠤᠯᠠᠨ ᠤ ᠠᠷᠤ ᠰᠡᠭᠦᠳᠡᠷ ᠭᠠᠵᠠᠷ ᠠᠴᠠ ᠲᠡᠭᠦᠬᠦ ᠤᠤ᠂ ᠲᠡᠭᠦᠭᠰᠡᠨ ᠤ | ᠲᠠᠷᠠᠭ᠎ᠠ ᠨᠠᠷᠠ ᠲᠤᠰᠬᠤ ᠦᠭᠡᠢ ᠰᠡᠭᠦᠳᠡᠷ ᠭᠠᠵᠠᠷ ᠬᠠᠳᠠᠭᠠᠬᠤ ᠤᠤ᠂ ᠡᠰᠡᠪᠡᠯ ᠥᠭᠡᠷ᠎ᠡ ᠶᠠᠮᠠᠷ ᠭᠠᠵᠠᠷ ᠶᠠᠭᠠᠬᠢᠵᠤ | ᠬᠠᠳᠠᠭᠠᠬᠤ ᠪᠤᠢ ᠭᠡᠬᠦ ᠮᠡᠲᠦ ᠶᠢᠨ ᠠᠩᠬᠠᠷᠬᠤ ᠨᠠᠷᠢᠨ ᠵᠦᠢᠯ ᠤᠯᠠᠨ ᠪᠤᠢ᠃ ᠶᠡᠷᠦ ᠨᠢ ᠪᠢᠳᠠ ᠮᠡᠳᠡᠬᠦ ᠦᠭᠡᠢ ᠪᠣᠯ | ᠥᠪᠡᠷᠰᠡᠳ ᠢᠶᠠᠨ ᠪᠢᠰᠢ᠂ ᠮᠡᠷᠭᠡᠵᠢᠯ ᠤᠨ ᠬᠥᠮᠥᠨ ᠳᠤ ᠨᠠᠶᠢᠳᠠᠪᠠᠯ ᠬᠠᠮᠤᠭ ᠤᠨ ᠰᠠᠶᠢᠨ ᠴᠠᠭ ᠤᠯᠠᠷᠢᠯ ᠳᠤᠨᠢ ᠶᠠᠭ | ᠦᠨᠡᠨ ᠮᠥᠨ ᠰᠠᠶᠢᠨ ᠶᠠᠭᠤᠮ᠎ᠠ ᠶᠢ ᠨᠢ ᠲᠡᠭᠦᠵᠦ᠂ ᠬᠠᠮᠤᠭ ᠤᠨ ᠬᠦᠴᠦᠲᠡᠢ ᠰᠠᠶᠢᠨ ᠡᠮ ᠨᠠᠶᠢᠷᠠᠭᠤᠯᠵᠤ ᠭᠠᠷᠭᠠᠪᠠᠯ | ᠥᠪᠡᠷ ᠤᠨ ᠪᠡᠶ᠎ᠡ ᠳᠡᠭᠡᠨ ᠠᠰᠢᠭᠯᠠᠵᠤ ᠦᠢᠯᠡᠴᠢᠯᠡᠭᠦᠯᠵᠦ ᠴᠢᠳᠠᠬᠤ ᠪᠥᠭᠡᠳ ᠪᠥᠭᠡᠳ ᠠᠮᠢ ᠠᠬᠤᠢ᠂ ᠪᠠᠶᠢᠭᠠᠯᠢ | ᠣᠷᠴᠢᠨ ᠢᠶᠠᠨ ᠪᠠᠰᠠ ᠰᠠᠶᠢᠲᠤᠷ ᠬᠠᠮᠠᠭᠠᠯᠠᠵᠤ ᠴᠢᠳᠠᠬᠤ ᠪᠣᠯᠣᠨ᠎ᠠ᠃ | ᠪᠡᠯᠡᠳᠭᠡᠭᠰᠡᠨ ᠨᠢ᠄ ᠣᠳᠣᠨᠭᠡᠷᠡᠯ | ᠢᠷᠡᠯᠲᠡ᠄ ᠳᠣᠮᠳᠠᠳᠣ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ | | |