ᠪᠢᠳᠡ ᠠᠮᠢᠳᠤᠷᠠᠯ ᠳᠠᠭᠠᠨ ᠲᠤᠰᠠᠲᠠᠢ ᠶᠡᠷᠦ ᠶᠢᠨ ᠮᠡᠳᠡᠯᠭᠡ ᠶᠢ ᠪᠠᠭ᠎ᠠ ᠴᠦ ᠭᠡᠰᠡᠨ ᠰᠤᠷᠴᠤ ᠡᠵᠡᠮᠰᠢᠵᠦ ᠪᠠᠶᠢᠪᠠᠯ | ᠰᠠᠶᠢᠨ ᠶᠤᠮ᠃ ᠲᠤᠩ ᠴᠦ ᠬᠢᠯᠪᠠᠷ ᠵᠦᠢᠯ ᠢ ᠡᠪ ᠢ ᠨᠢ ᠣᠯᠬᠤ ᠦᠭᠡᠢ ᠦᠶ᠎ᠡ ᠳᠤ ᠠᠷᠭ᠎ᠠ ᠪᠠᠨ ᠪᠠᠷᠠᠵᠤ | ᠴᠥᠬᠦᠷᠡᠳᠡᠭ᠂ ᠳᠣᠣᠷ᠎ᠠ ᠠᠮᠢᠳᠤᠷᠠᠯ ᠳᠤᠮᠳᠠ ᠦᠷᠭᠦᠯᠵᠢ ᠬᠡᠷᠡᠭᠰᠡᠬᠦ ᠶᠡᠷᠦ ᠶᠢᠨ ᠮᠡᠳᠡᠯᠭᠡ ᠠᠴᠠ ᠬᠡᠳᠦ ᠶᠢ | ᠬᠤᠪᠢᠶᠠᠯᠴᠠᠶ᠎ᠠ᠃ | 1.ᠠᠪᠠᠷᠠᠶ ᠶᠢᠨ ᠬᠠᠯᠢᠰᠤ ᠶᠢ ᠭᠠᠯ ᠳᠡᠭᠡᠷ᠎ᠡ ᠬᠡᠳᠦ ᠡᠷᠭᠢᠭᠦᠯᠦᠭᠡᠳ ᠠᠪᠤᠪᠠᠯ ᠬᠠᠯᠢᠰᠤ ᠶᠢ ᠨᠢ ᠱᠠᠭᠠᠯᠬᠤ ᠳᠤ | ᠠᠮᠠᠷᠬᠠᠨ ᠪᠠᠶᠢᠵᠤ᠂ ᠲᠥᠪᠡᠳ ᠬᠠᠰᠢ ᠶᠢ ᠬᠠᠯᠠᠭᠤᠨ ᠤᠰᠤᠨ ᠳᠤ ᠬᠢᠪᠡᠯ ᠬᠠᠯᠢᠰᠤ ᠨᠢ ᠠᠮᠠᠷᠬᠠᠨ ᠱᠠᠭᠠᠷᠠᠳᠠᠭ᠃ | 2.ᠲᠡᠮᠦᠷ ᠲᠣᠭᠤᠭ᠎ᠠ ᠪᠠᠷ ᠶᠠᠭᠤᠮ᠎ᠠ ᠬᠠᠭᠠᠷᠢᠬᠤ ᠦᠶᠡᠰ᠂ ᠤᠷᠢᠳ ᠢᠶᠠᠷ ᠲᠣᠭᠤᠭ᠎ᠠ ᠪᠠᠨ ᠭᠠᠯ ᠳᠡᠭᠡᠷ᠎ᠡ | ᠲᠠᠯᠪᠢᠵᠤ ᠬᠠᠯᠠᠭᠠᠵᠤ᠂ ᠪᠠᠭ᠎ᠠ ᠬᠡᠮᠵᠢᠶᠡᠨ ᠤ ᠲᠣᠰᠣ ᠬᠢᠵᠦ ᠬᠠᠯᠠᠭᠠᠭᠰᠠᠨ ᠤ ᠳᠠᠷᠠᠭ᠎ᠠ ᠠᠰᠬᠠᠨ᠎ᠠ᠂ ᠳᠠᠬᠢᠨ ᠬᠦᠢᠲᠡᠨ | ᠲᠣᠰᠣ ᠬᠢᠪᠡᠯ ᠲᠡᠮᠦᠷ ᠲᠣᠭᠤᠭ᠎ᠠ ᠨᠠᠭᠠᠯᠳᠤᠬᠤ ᠦᠭᠡᠢ ᠪᠤᠯᠳᠠᠭ᠃ | 3.ᠬᠠᠪᠢᠷᠭ᠎ᠠ ᠴᠢᠨᠠᠬᠤ ᠪᠤᠶᠤ ᠱᠥᠯᠥ ᠬᠢᠬᠦ ᠳᠡᠭᠡᠨ ᠪᠠᠭ᠎ᠠ ᠬᠡᠮᠵᠢᠶᠡᠨ ᠤ ᠼᠤᠤ ᠬᠢᠪᠡᠯ ᠺᠠᠯᠼ ᠰᠢᠩᠭᠡᠭᠡᠬᠦ ᠳᠤ | ᠠᠰᠢᠭᠲᠠᠢ ᠪᠠᠶᠢᠳᠠᠭ᠃ | 4.ᠪᠤᠳᠠᠭ᠎ᠠ ᠵᠢᠩᠨᠡᠬᠦ ᠳᠡᠭᠡᠨ ᠲᠣᠭᠤᠭᠠᠨ ᠳᠠᠭᠠᠨ ᠬᠡᠳᠦᠨ ᠳᠤᠰᠤᠯ ᠲᠣᠰᠣ ᠳᠤᠰᠤᠭᠠᠪᠠᠯ ᠵᠢᠩᠨᠡᠵᠦ ᠭᠠᠷᠭᠠᠭᠰᠠᠨ | ᠪᠤᠳᠠᠭ᠎ᠠ ᠠᠮᠲᠠᠲᠠᠢ ᠪᠥᠭᠡᠳ ᠲᠣᠭᠤᠭᠠᠨ ᠳᠤ ᠨᠠᠭᠠᠯᠳᠤᠬᠤ ᠦᠭᠡᠢ᠃ | 5.ᠬᠠᠷ᠎ᠠ ᠳᠡᠯᠳᠡᠦ ᠶᠢ ᠤᠬᠢᠶᠠᠬᠤ ᠳᠠᠭᠠᠨ ᠵᠢᠭᠠᠬᠠᠨ ᠭᠤᠯᠢᠷ ᠬᠢᠪᠡᠯ᠂ ᠭᠬᠢᠷ ᠪᠤᠷᠲᠠᠭ ᠢ ᠰᠠᠶᠢᠬᠠᠨ ᠤᠬᠢᠶᠠᠵᠤ | ᠠᠷᠢᠯᠭᠠᠳᠠᠭ᠃ | 6.ᠦᠵᠦᠮ ᠢ ᠤᠬᠢᠶᠠᠬᠤ ᠳᠠᠭᠠᠨ ᠵᠢᠭᠠᠬᠠᠨ ᠴᠠᠷᠳᠠᠭᠤᠯ ᠬᠢᠪᠡᠯ᠂ ᠭᠦᠯᠳᠡᠭᠡᠨᠡᠵᠦ ᠰᠠᠶᠢᠬᠠᠨ ᠤᠬᠢᠶᠠᠭᠳᠠᠳᠠᠭ᠃ | 7.ᠪᠠᠩᠰᠢ ᠴᠢᠨᠠᠬᠤ ᠦᠶᠡᠰ ᠲᠣᠭᠤᠭᠠᠨ ᠳᠤ ᠬᠡᠳᠦᠨ ᠰᠢᠷᠬᠡᠭ ᠬᠡᠷᠴᠢᠭᠰᠡᠨ ᠰᠣᠩᠭᠢᠨ᠎ᠠ ᠬᠢᠪᠡᠯ ᠪᠠᠩᠰᠢ | ᠲᠣᠭᠤᠭᠠᠨ ᠳᠤ ᠨᠠᠭᠠᠯᠳᠤᠬᠤ ᠦᠭᠡᠢ ᠪᠤᠯᠳᠠᠭ᠃ | ︵︽ᠠᠮᠢᠳᠤᠷᠠᠯ ᠪᠤᠯᠤᠩ︾ ᠵᠢᠷᠭᠢᠶ᠎ᠡ ᠲᠠᠪᠴᠠᠩ ᠠᠴᠠ︶ | ᠪᠡᠯᠡᠳᠭᠡᠭᠰᠡᠨ ᠨᠢ᠄ ᠣᠳᠣᠨᠭᠡᠷᠡᠯ | ᠢᠷᠡᠯᠲᠡ᠄ ᠣᠷᠳᠣᠰ ᠤᠨ ᠮᠣᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ | | |