ᠰᠦᠯᠢᠶᠥᠦ ᠪᠦᠷᠬᠦᠬᠦ ᠳᠤ ᠲᠣᠬᠢᠷᠠᠬᠤ ᠦᠬᠡᠢ ᠲᠠᠪᠤᠨ ᠵᠦᠢᠯ ᠤᠨ ᠲᠠᠷᠢᠶ᠎ᠠ
ᠨᠡᠶᠢᠲᠡᠯᠡᠭᠰᠡᠨ ᠴᠠᠭ᠄
2018-04-11
   ᠤᠷᠴᠢᠮ ᠤᠨ ᠵᠢᠯ ᠳᠤ ᠲᠠᠷᠢᠶᠠᠴᠢᠳ ᠲᠠᠷᠢᠶᠠᠨ ᠤ ᠣᠨᠠᠯᠳᠠ ᠶᠢ ᠨᠡᠮᠡᠭᠳᠡᠭᠦᠯᠬᠦ ᠶᠢᠨ ᠲᠦᠯᠦᠭᠡ ᠲᠠᠷᠢᠶᠠᠨ ᠳᠠᠭᠠᠨ ᠰᠦᠯᠢᠶᠥᠦ ᠪᠦᠷᠬᠦᠵᠤ ᠪᠠᠶᠢᠳᠠᠭ᠃ ᠭᠡᠪᠡᠴᠤ ᠲᠤᠤᠷᠠᠬᠢ ᠲᠠᠪᠤᠨ ᠵᠦᠢᠯ ᠤᠨ ᠲᠠᠷᠢᠶᠠᠨ ᠳᠤ ᠰᠦᠯᠢᠶᠥᠦ ᠪᠦᠷᠬᠦᠵᠤ ᠪᠣᠯᠬᠤ ᠦᠬᠡᠢ᠂    ᠭᠠᠩᠳᠠᠮᠠᠯ ᠴᠢᠨᠠᠷᠲᠠᠢ ᠲᠠᠷᠢᠶ᠎ᠠ᠄ ᠪᠤᠷᠤᠭᠠᠨ ᠤ ᠤᠯᠠᠷᠢᠯ ᠠᠴᠠ ᠭᠠᠳᠠᠨ᠎ᠠ ᠤᠷᠳᠤ ᠬᠤᠭᠤᠴᠠᠭ᠎ᠠ ᠪᠠᠷ ᠬᠠᠭᠤᠷᠠᠢ ᠲᠠᠷᠢᠶᠠᠨ ᠳᠤ ᠰᠦᠯᠢᠶᠥᠦ ᠪᠦᠷᠬᠦᠬᠦᠯ ᠤᠨ ᠦᠢᠯᠡᠳᠤᠯ ᠢ ᠪᠠᠳᠠᠷᠠᠭᠤᠯᠵᠤ ᠴᠢᠳᠠᠬᠤ ᠦᠬᠡᠢ ᠪᠠᠷ ᠦᠯᠦ ᠪᠠᠷᠠᠨ ᠭᠠᠩ ᠤᠨ ᠪᠠᠶᠢᠳᠠᠯ ᠢ ᠬᠡᠴᠡᠭᠦᠳᠡᠭᠦᠯᠦᠨ᠎ᠡ᠃    ᠡᠯᠡᠰᠤᠷᠭᠡᠭ ᠲᠠᠷᠢᠶ᠎ᠠ᠄ ᠡᠯᠡᠰᠤᠷᠭᠡᠭ ᠭᠠᠵᠠᠷ ᠲᠤ ᠰᠦᠯᠢᠶᠥᠦ ᠪᠦᠷᠭᠦᠪᠡᠯ ᠦᠳᠡ ᠶᠢᠨ ᠦᠶ᠎ᠡ ᠳᠤ ᠭᠠᠵᠠᠷ ᠤᠨ ᠭᠠᠳᠠᠷᠭᠤ ᠶᠢᠨ ᠲᠤᠯᠠᠭᠠᠨ ᠤ ᠭᠡᠮᠵᠢᠶ᠎ᠡ ᠬᠡᠳᠤᠷᠡᠭᠡᠢ ᠦᠨᠳᠤᠷ ᠠᠴᠠ ᠪᠣᠯᠵᠤ ᠤᠷᠭᠤᠮᠠᠯ ᠳᠤ ᠬᠤᠤᠷᠲᠠᠢ᠃    ᠨᠠᠩᠬᠢ ᠰᠢᠷᠤᠢ ᠲᠠᠢ ᠲᠠᠷᠢᠶ᠎ᠠ᠄ ᠨᠠᠩᠭᠢ ᠰᠢᠷᠦᠢ ᠲᠠᠢ ᠲᠠᠷᠢᠶ᠎ᠠ ᠶᠢᠨ ᠰᠢᠷᠦᠢ ᠶᠢᠨ ᠭᠡᠰᠡᠭ ᠨᠢ ᠤᠯᠠᠨ ᠲᠤᠯᠡ ᠰᠦᠯᠢᠶᠥᠦ ᠪᠦᠷᠬᠦᠬᠦᠯ ᠨᠢ ᠭᠠᠵᠠᠷ ᠤᠨ ᠭᠠᠳᠠᠷᠭᠤ ᠲᠠᠢ ᠰᠠᠶᠢᠳᠤᠷ ᠵᠣᠯᠭᠠᠵᠤ ᠴᠢᠳᠠᠬᠤ ᠦᠬᠡᠢ᠂ ᠠᠮᠠᠷᠬᠠᠨ ᠰᠠᠯᠬᠢᠨ ᠳᠤ ᠦᠯᠢᠶᠡᠭᠳᠡᠵᠦ ᠰᠦᠯᠢᠶᠥᠦ ᠪᠦᠷᠬᠦᠬᠦᠯ ᠰᠤᠶᠢᠳᠤᠨ ᠦᠢᠯᠡᠳᠤᠯ ᠢᠶᠠᠨ ᠠᠯᠳᠠᠨ᠎ᠠ  ᠃    ᠡᠪᠡᠰᠤ ᠤᠯᠠᠨ ᠣᠷᠭᠤᠳᠠᠭ ᠲᠠᠷᠢᠶ᠎ᠠ᠄ ᠬᠡᠳᠤᠶᠢᠪᠡᠷ ᠲᠠᠷᠢᠬᠤ ᠠᠴᠠ ᠡᠮᠤᠨ᠎ᠡ ᠡᠪᠡᠰᠦ ᠠᠷᠢᠯᠭᠠᠬᠤ ᠡᠳ᠋ ᠰᠠᠴᠤᠳᠠᠭ ᠪᠤᠯᠪᠠᠴᠤ ᠵᠠᠷᠢᠮ ᠡᠪᠡᠰᠤ ᠶᠢᠨ ᠦᠨᠳᠤᠰᠤᠨ ᠬᠠᠳᠬᠤᠬᠤ ᠴᠢᠳᠠᠪᠤᠷᠢ ᠨᠢ ᠴᠢᠩᠭ᠎ᠠ ᠲᠤᠯᠠ ᠮᠦᠨ ᠤᠷᠭᠤᠵᠤ ᠪᠦᠷᠬᠦᠬᠦᠯ ᠢ ᠲᠦᠯᠬᠢᠨ ᠭᠠᠷᠳᠠᠭ᠃    ᠰᠢᠮ᠎ᠡ ᠲᠡᠵᠢᠭᠡᠯ ᠢᠶᠠᠨ ᠪᠠᠷᠤᠭᠳᠠᠢ ᠲᠠᠷᠢᠶ᠎ᠠ᠄ ᠡᠶᠢᠮᠦ ᠲᠠᠷᠢᠶ᠎ᠠ ᠨᠢ ᠰᠢᠮ᠎ᠡ ᠲᠡᠵᠢᠭᠡᠯ ᠨᠢ ᠪᠠᠷᠤᠭᠲᠠᠢ ᠲᠤᠯᠡ ᠤᠷᠭᠤᠮᠠᠯ ᠤᠨ ᠭᠡᠷᠡᠭᠰᠡᠯᠳᠡ ᠶᠢ ᠬᠠᠩᠭᠠᠵᠤ ᠲᠡᠶᠢᠯᠬᠦ ᠦᠬᠡᠢ ᠤᠨᠠᠯᠳᠡ ᠶᠢ ᠨᠡᠮᠡᠭᠳᠡᠬᠦᠯᠬᠦ ᠵᠣᠷᠢᠯᠭ᠎ᠠ ᠳᠠᠭᠠᠨ ᠬᠦᠷᠴᠤ ᠲᠡᠶᠢᠯᠬᠦ ᠦᠬᠡᠢ᠃
 
ᠢᠷᠡᠯᠲᠡ᠄ ᠦᠪᠤᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10002599号