ᠲᠤᠩ ᠬᠢᠰᠤᠭ᠎ᠠ ᠶᠢᠨ ᠲᠦᠷᠦᠯ + ᠮᠦᠬᠦ ᠶᠢᠨ ᠲᠦᠷᠦᠯ᠃ ᠴᠠᠶᠢᠷ ᠨᠢ ᠦᠯᠦ ᠬᠠᠯᠳᠠᠭᠠᠬᠤ ᠴᠢᠳᠠᠪᠤᠷᠢ ᠳᠤ | ᠵᠣᠬᠢᠬᠤ ᠲᠣᠬᠢᠷᠠᠭᠤᠯᠤᠯᠲᠠ ᠪᠤᠯᠳᠠᠭ᠃ ᠲᠤᠩ ᠬᠢᠰᠤᠭ᠎ᠠ ᠶᠢᠨ ᠲᠦᠷᠦᠯ ᠤᠨ ᠢᠳᠡᠭᠡᠨ ᠳᠤ ᠴᠠᠶ᠋ᠢᠷ ᠡᠯᠪᠡᠭ | ᠠᠭᠤᠯᠤᠭᠳᠠᠳᠠᠭ᠃ ᠬᠡᠷᠪᠡ ᠲᠤᠩ ᠬᠢᠰᠤᠭ᠎ᠠ ᠶᠢᠨ ᠲᠦᠷᠦᠯ ᠢ ᠦᠷᠭᠦᠯᠵᠢ ᠢᠳᠡᠬᠦ ᠦᠭᠡᠢ ᠳᠤ ᠬᠦᠷᠪᠡᠯ ᠮᠦᠬᠦ ᠶᠢᠨ | ᠲᠦᠷᠦᠯ ᠢ ᠢᠳᠡᠭᠰᠡᠨ ᠴᠦ ᠪᠣᠯᠣᠨ᠎ᠠ᠃ ᠮᠦᠭᠦ ᠶᠢᠨ ᠲᠦᠷᠦᠯ ᠤᠨ ᠢᠳᠡᠭᠡᠨ ᠳᠤ ᠴᠠᠶᠢᠷ ᠡᠯᠪᠡᠭ ᠪᠠᠶᠢᠬᠤ ᠠᠴᠠ | ᠭᠠᠳᠠᠨ᠎ᠠ᠂ ᠰᠢᠬᠢᠷ ᠡᠯᠪᠡᠭ ᠪᠠᠶᠢᠵᠤ᠂ ᠦᠯᠤ ᠬᠠᠯᠳᠠᠭᠠᠬᠤ ᠴᠢᠳᠠᠪᠤᠷᠢ ᠶᠢ ᠳᠡᠭᠡᠭᠰᠢᠯᠡᠭᠦᠯᠬᠦ ᠳᠤ ᠠᠰᠢᠭᠲᠠᠢ᠃ ᠡᠭᠦᠨ ᠠᠴᠠ | ᠭᠠᠳᠠᠨ᠎ᠠ᠂ ᠠᠮᠢᠲᠠᠨ ᠤ ᠡᠯᠢᠭᠡ᠂ ᠪᠤᠭᠤᠳᠠᠢ ᠶᠢᠨ ᠬᠦᠪᠤᠷᠡᠯ ᠤᠨ ᠨᠤᠨᠳᠠᠭ᠂ ᠬᠠᠷ᠎ᠠ ᠮᠢᠬ᠎ᠠ᠂ ᠬᠡᠭᠡᠷ᠎ᠡ ᠶᠢᠨ ᠬᠤᠰᠢᠭ᠎ᠠ ᠳᠤ | ᠴᠦ ᠴᠠᠶ᠋ᠢᠷ ᠨᠡᠯᠢᠶᠡᠳ ᠡᠯᠪᠡᠭ ᠪᠠᠶᠢᠳᠠᠭ᠃ | ᠡᠯᠢᠭᠡ + ᠤᠯᠠᠪᠤᠷ ᠰᠢᠷ᠎ᠠ ᠥᠩᠭᠡᠲᠡᠢ ᠨᠣᠭᠤᠭ᠎ᠠ᠃ ᠠᠮᠢᠲᠠᠨ ᠤ ᠴᠢᠨᠠᠷᠲᠠᠢ ᠢᠳᠡᠭᠡᠨ ᠵᠢᠱᠢᠶᠡᠯᠡᠪᠡᠯ | ᠡᠯᠢᠭᠡ᠂ ᠭᠠᠯᠠᠭᠤᠨ ᠥᠨᠳᠡᠭᠡᠨ ᠰᠢᠷ᠎ᠠ᠂ ᠵᠢᠭᠠᠰᠤᠨ ᠲᠤᠰᠤᠨ ᠳᠤ ᠸᠢᠲ᠋ᠠᠮᠢᠨ A ᠮᠠᠰᠢ ᠡᠯᠪᠡᠭ ᠪᠠᠶᠢᠳᠠᠭ᠃ ᠸᠢᠲ᠋ᠠᠮᠢᠨ A | ᠨᠢᠳᠦᠨ ᠤ ᠬᠠᠷᠠᠭ᠎ᠠ ᠬᠠᠮᠠᠭᠠᠯᠠᠳᠠᠭ ᠢ ᠤᠯᠠᠨ ᠢᠶᠠᠷ ᠢᠶᠠᠨ ᠪᠦᠷ ᠮᠡᠳᠡᠨ᠎ᠡ᠃ ᠦᠨᠡᠨ ᠳᠡᠭᠡᠨ ᠲᠡᠷᠡ ᠪᠣᠯ ᠦᠯᠤ | ᠬᠠᠯᠳᠠᠭᠠᠬᠤ ᠴᠢᠳᠠᠪᠤᠷᠢ ᠲᠠᠢ ᠨᠢᠭᠲᠠ ᠬᠠᠷᠢᠴᠠᠭ᠎ᠠ ᠲᠠᠢ ᠶᠤᠮ᠃ ᠰᠢᠷ᠎ᠠ ᠯᠤᠤᠪᠠᠩ᠂ ᠨᠠᠩᠭᠤᠸᠠ᠂ ᠵᠦᠷᠵᠢ ᠵᠡᠷᠭᠡ | ᠤᠯᠠᠪᠤᠷ ᠰᠢᠷ᠎ᠠ ᠥᠩᠭᠡᠲᠡᠢ ᠨᠣᠭᠤᠭ᠎ᠠ ᠵᠢᠮᠢᠰ ᠤᠨ ᠬᠠᠩᠭᠠᠬᠤ B᠂ ᠰᠢᠷ᠎ᠠ ᠯᠤᠤᠪᠠᠩ ᠤᠨ ᠡᠳ᠋ ᠨᠢ ᠪᠡᠶ᠎ᠡ ᠶᠢᠨ | ᠳᠣᠲᠣᠷ᠎ᠠ ᠸᠢᠲ᠋ᠠᠮᠢᠨ A ᠪᠣᠯᠵᠤ ᠬᠤᠪᠢᠷᠠᠳᠠᠭ᠃ | ᠭᠦᠨ ᠨᠣᠭᠤᠭᠠᠨ ᠥᠩᠭᠡᠲᠡᠢ ᠨᠣᠭᠤᠭ᠎ᠠ + ᠳᠣᠯᠣᠭᠤᠨ᠎ᠠ᠃ ᠨᠣᠭᠤᠭᠠᠨ ᠴᠡᠴᠡᠭᠲᠦ ᠪᠠᠶ᠋ᠢᠼᠠᠢ᠂ ᠦᠷᠭᠡᠰᠤᠳᠤ | ᠨᠣᠭᠤᠭ᠎ᠠ᠂ ᠠᠪᠤᠭ᠎ᠠ᠂ ᠲᠣᠮᠣ ᠴᠠᠭᠠᠨ ᠨᠣᠭᠤᠭ᠎ᠠ᠂ ᠰᠢᠯᠡᠮᠳᠡᠭ ᠵᠡᠷᠭᠡ ᠭᠦᠨ ᠨᠣᠭᠤᠭᠠᠨ ᠥᠩᠭᠡᠲᠡᠢ ᠨᠣᠭᠤᠭ᠎ᠠ︔ | ᠳᠣᠯᠣᠭᠤᠨ᠎ᠠ᠂ ᠴᠢᠪᠠᠭ᠎ᠠ᠂ ᠲᠤᠰᠢᠯᠤᠢ᠂ ᠭᠠᠳᠢᠷ᠎ᠠ ᠶᠢᠨ ᠵᠢᠮᠢᠰ᠂ ᠭᠦᠵᠡᠯᠵᠡᠭᠡᠨ᠎ᠡ᠂ ᠰᠢᠷᠠᠰᠤ ᠵᠡᠷᠭᠡ ᠵᠢᠮᠢᠰ ᠨᠢ ᠪᠦᠷ | ᠸᠢᠲ᠋ᠠᠮᠢᠨ C ᠶᠢᠨ ᠠᠪᠤᠷᠭᠤ ᠤᠳ ᠶᠤᠮ᠃ ᠸᠢᠲ᠋ᠠᠮᠢᠨ C ᠨᠢ ᠡᠰᠡᠷᠭᠦᠴᠡᠯ ᠴᠣᠭᠴᠠ ᠶᠢᠨ ᠪᠦᠷᠢᠯᠳᠦᠯ ᠢ ᠠᠬᠢᠭᠤᠯᠳᠠᠭ᠃ | ᠳᠠᠯᠠᠢ ᠶᠢᠨ ᠵᠢᠭᠠᠰᠤ᠃ ᠸᠢᠲ᠋ᠠᠮᠢᠨ D ᠦᠯᠤ ᠬᠠᠯᠳᠠᠭᠠᠬᠤ ᠴᠢᠳᠠᠪᠤᠷᠢ ᠶᠢ ᠴᠢᠩᠭᠠᠷᠠᠭᠤᠯᠵᠤ᠂ ᠸᠢᠲ᠋ᠠᠮᠢᠨ D | ᠳᠤᠲᠠᠭᠳᠠᠪᠠᠯ ᠪᠡᠶ᠎ᠡ ᠶᠢᠨ ᠬᠡᠪ ᠤᠨ ᠴᠢᠳᠠᠪᠤᠷᠢ ᠶᠢ ᠨᠥᠯᠥᠭᠡᠯᠡᠳᠡᠭ᠃ ᠨᠠᠷᠠᠨ ᠳᠤ ᠡᠭᠡᠭᠡᠬᠦ ᠪᠣᠯ ᠸᠢᠲ᠋ᠠᠮᠢᠨ D ᠰᠢᠩᠭᠡᠬᠡᠨ | ᠠᠪᠬᠤ ᠪᠦᠳᠦᠮᠵᠢᠲᠠᠢ ᠠᠷᠭ᠎ᠠ ᠪᠤᠯᠪᠠᠴᠤ᠂ ᠡᠪᠦᠯ ᠤᠨ ᠤᠯᠠᠷᠢᠯ ᠳᠤ ᠬᠠᠮᠤᠭ ᠰᠠᠶ᠋ᠢᠨ ᠨᠢ ᠸᠢᠲ᠋ᠠᠮᠢᠨ D ᠡᠯᠪᠡᠭᠲᠡᠢ | ᠢᠳᠡᠭᠡᠨ ᠨᠥᠬᠦᠪᠦᠷᠢᠯᠡᠪᠡᠯ ᠵᠣᠬᠢᠨ᠎ᠠ᠃ ᠳᠠᠯᠠᠢ ᠶᠢᠨ ᠵᠢᠭᠠᠰᠤ᠂ ᠠᠮᠢᠲᠠᠨ ᠤ ᠡᠯᠢᠭᠡ᠂ ᠵᠢᠭᠠᠰᠤᠨ ᠲᠣᠰᠣ᠂ ᠥᠨᠳᠡᠭᠡᠨ ᠳᠤ | ᠸᠢᠲ᠋ᠠᠮᠢᠨ D ᠶᠢᠨ ᠠᠭᠤᠯᠤᠭᠳᠠᠴᠠ ᠬᠠᠷᠢᠴᠠᠩᠭᠤᠢ ᠡᠯᠪᠡᠭ ᠪᠠᠶᠢᠳᠠᠭ᠃ ᠠᠮᠢᠲᠠᠨ ᠤ ᠴᠢᠰᠤ + ᠡᠯᠢᠭᠡ᠃ ᠲᠡᠮᠦᠷ | ᠳᠤᠲᠠᠪᠠᠯ ᠦᠯᠤ ᠬᠠᠯᠳᠠᠭᠠᠬᠤ ᠡᠰ ᠬᠠᠰᠤᠭᠳᠠᠵᠤ᠂ ᠦᠯᠤ ᠬᠠᠯᠳᠠᠭᠠᠬᠤ ᠲᠤᠰᠬᠠᠯ ᠳᠤᠲᠠᠭᠤᠳᠠᠳᠠᠭ᠃ ᠬᠠᠷ᠎ᠠ ᠮᠢᠬ᠎ᠠ᠂ | ᠠᠮᠢᠲᠠᠨ ᠤ ᠴᠢᠰᠤ᠂ ᠡᠯᠢᠭᠡ ᠵᠡᠷᠭᠡ ᠢᠳᠡᠭᠡᠨ ᠨᠢ ᠲᠡᠮᠦᠷ ᠡᠯᠪᠡᠭᠲᠡᠢ ᠪᠥᠭᠡᠳ ᠰᠢᠩᠭᠡᠭᠡᠵᠦ ᠠᠪᠬᠤ ᠳᠤ ᠰᠠᠶᠢᠨ | ᠪᠠᠶᠢᠳᠠᠭ᠃ ᠡᠳᠦᠷ ᠪᠦᠷᠢ 40 ~75 ᠭᠷᠡᠮ ᠮᠢᠬ᠎ᠠ ᠢᠳᠡᠵᠦ᠂ ᠠᠮᠢᠲᠠᠨ ᠤ ᠡᠯᠢᠭᠡ ᠶᠢ ᠰᠠᠷ᠎ᠠ ᠪᠦᠷᠢ 2~3 | ᠤᠳᠠᠭ᠎ᠠ᠂ ᠤᠳᠠᠭ᠎ᠠ ᠪᠦᠷᠢ 25 ᠭᠷᠡᠮ ᠣᠷᠴᠢᠮ ᠢᠳᠡᠪᠡᠯ ᠰᠠᠶᠢᠨ ᠭᠡᠵᠦ ᠰᠠᠨᠠᠭᠤᠯᠵᠤ ᠪᠠᠶᠢᠨ᠎ᠠ᠃ | ᠦᠨᠢᠶᠡᠨ ᠰᠦ + ᠲᠠᠬᠢᠶᠠᠨ ᠥᠨᠳᠡᠭᠡ᠃ ᠢᠳᠡᠭᠡᠨ ᠤᠮᠳᠠᠭᠠᠨ ᠳᠤ ᠤᠭᠤᠷᠠᠭ ᠳᠤᠲᠠᠭᠳᠠᠪᠠᠯ ᠪᠡᠶ᠎ᠡ ᠶᠢᠨ | ᠦᠯᠤ ᠬᠠᠯᠳᠠᠭᠠᠬᠤ ᠴᠢᠳᠠᠪᠤᠷᠢ ᠪᠠᠭᠤᠷᠠᠨ᠎ᠠ᠃ ᠤᠭᠤᠷᠠᠭ ᠶᠡᠬᠡᠲᠡᠢ ᠢᠳᠡᠭᠡᠨ ᠲᠤᠩ ᠠᠷᠪᠢᠨ ᠪᠤᠢ᠂ ᠦᠨᠢᠶᠡᠨ ᠰᠦ᠂ | ᠴᠠᠭᠠᠨ ᠢᠳᠡᠭᠡ᠂ ᠲᠠᠬᠢᠶᠠᠨ ᠥᠨᠳᠡᠭᠡ᠂ ᠮᠠᠯ ᠵᠢᠭᠦᠷᠲᠡᠨ ᠤ ᠮᠢᠬ᠎ᠠ᠂ ᠵᠢᠭᠠᠰᠤ᠂ ᠰᠠᠮ ᠬᠤᠷᠣᠬᠠᠢ᠂ ᠰᠢᠷ᠎ᠠ ᠪᠤᠷᠴᠠᠭ ᠨᠢ | ᠴᠥᠮ ᠴᠢᠨᠠᠷᠯᠢᠭ ᠤᠭᠤᠷᠠᠭ ᠤᠨ ᠰᠠᠶᠢᠨ ᠢᠷᠡᠯᠲᠡ ᠮᠥᠨ᠃ ᠦᠨᠢᠶᠡᠨ ᠰᠦ ᠶᠢ ᠡᠳᠦᠷ ᠪᠦᠷᠢ 300 ᠮᠢᠯᠯᠢᠯᠢᠳ᠋ᠷ | ᠪᠠᠷᠤᠭ 2 ᠤᠭᠤᠲᠠ ᠤᠤᠭᠤᠵᠤ᠂ ᠲᠠᠬᠢᠶᠠᠨ ᠥᠨᠳᠡᠭᠡ 1᠂ ᠮᠠᠯ ᠵᠢᠭᠦᠷᠲᠡᠨ ᠤ ᠮᠢᠬ᠎ᠠ ᠡᠳᠦᠷ ᠪᠦᠷᠢ 40 ~75 | ᠭᠷᠡᠮ᠂᠂ ᠵᠢᠭᠠᠰᠤ ᠰᠠᠮ ᠬᠤᠷᠣᠬᠠᠢ ᠡᠳᠦᠷ ᠪᠦᠷᠢ 40 ~75 ᠭᠷᠡᠮ᠂ ᠰᠢᠷ᠎ᠠ ᠪᠤᠷᠴᠠᠭ ᠨᠢᠭᠡ ᠠᠳᠬᠤ ︵30 | ᠭᠷᠡᠮ ᠣᠷᠴᠢᠮ︶ ᠡᠰᠡᠬᠦᠯ᠎ᠡ ᠵᠣᠬᠢᠬᠤ ᠪᠤᠷᠴᠠᠭ ᠤᠨ ᠪᠦᠲᠦᠭᠡᠭᠳᠡᠬᠦᠨ ᠢᠳᠡᠵᠦ ᠤᠤᠭᠤᠪᠠᠯ ᠵᠦᠭᠡᠷ ᠭᠡᠵᠦ ᠰᠠᠨᠠᠭᠤᠯᠵᠤ | ᠪᠠᠶᠢᠨ᠎ᠠ᠃ | ᠢᠷᠡᠯᠲᠡ᠄ ᠰᠢᠯᠤᠭᠤᠨ ᠬᠥᠬᠡ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ | |