ᠬᠥᠮᠥᠰ ᠶᠡᠷᠦ ᠳᠤ ᠪᠠᠨ ︽ᠰᠢᠳᠤ ᠬᠤᠷᠣᠬᠠᠶᠢᠲᠤᠬᠤ︾ ᠨᠢ ᠰᠢᠳᠤ ᠶᠢ ᠬᠤᠷᠣᠬᠠᠢ ᠢᠳᠡᠭᠰᠡᠨ ᠠᠴᠠ | ᠪᠣᠯᠵᠠᠢ ᠭᠡᠵᠦ ᠬᠡᠯᠡᠳᠡᠭ᠃ ᠠᠮᠠ ᠪᠠᠨ ᠠᠩᠭᠠᠶᠢᠵᠤ ᠲᠣᠯᠢᠨ ᠳᠤ ᠦᠵᠡᠪᠡᠯ ᠰᠢᠳᠤᠨ ᠳᠡᠭᠡᠷ᠎ᠡ ᠨᠢ ᠦᠨᠡᠬᠡᠷ ᠨᠦᠬᠡ | ᠪᠠᠶᠢᠬᠤ ᠪᠥᠭᠡᠳ ᠪᠠᠰᠠ ᠬᠠᠷ᠎ᠠ ᠥᠩᠭᠡᠲᠡᠢ ᠲᠤᠯᠠ ᠶᠠᠭ ᠯᠠ ᠬᠤᠷᠣᠬᠠᠢ ᠢᠳᠡᠭᠰᠡᠨ ᠰᠢᠭ᠃ ᠦᠨᠡᠨ ᠳᠤ ᠪᠠᠨ | ︽ᠰᠢᠳᠤ ᠬᠤᠷᠣᠬᠠᠶᠢᠲᠤᠬᠤ︾ ᠨᠢ ᠰᠢᠳᠤ ᠶᠢ ᠬᠤᠷᠣᠬᠠᠢ ᠢᠳᠡᠭᠰᠡᠨ ᠪᠢᠰᠢ᠂ ᠬᠠᠷᠢᠨ ᠪᠠᠺᠲ᠋ᠧᠷᠢ ᠬᠤᠣᠷ ᠬᠢᠭᠰᠡᠨ | ᠪᠠᠶᠢᠨ᠎ᠠ᠃ ᠠᠨᠠᠭᠠᠬᠤ ᠤᠬᠠᠭᠠᠨ ᠳᠡᠭᠡᠷ᠎ᠡ ᠪᠣᠯ ᠡᠭᠦᠨ ᠢ ︽ᠰᠢᠳᠤ ᠬᠤᠷᠣᠬᠠᠶᠢᠲᠤᠬᠤ︾ ᠭᠡᠵᠦ ᠬᠡᠯᠡᠳᠡᠭ ᠦᠭᠡᠢ᠂ | ᠬᠠᠷᠢᠨ ︽ ᠰᠢᠳᠤ ᠬᠥᠨᠳᠡᠶᠢᠷᠡᠬᠦ︾ ᠬᠡᠳᠡᠭ᠃ ᠪᠢᠳᠠ ᠢᠳᠡᠬᠡᠨ ᠢᠳᠡᠬᠦ ᠪᠦᠷᠢ ᠢᠳᠡᠬᠡᠨ ᠤ ᠰᠢᠪᠬᠠᠷᠤᠤ ᠨᠢ ᠰᠢᠳᠤᠨ | ᠵᠠᠪᠰᠠᠷ ᠪᠤᠶᠤ ᠰᠢᠳᠤᠨ ᠳᠡᠭᠡᠷ᠎ᠡ ᠪᠠᠭ᠎ᠠ ᠰᠠᠭ᠎ᠠ ᠨᠠᠭᠠᠯᠳᠤᠨ ᠬᠤᠴᠣᠷᠳᠠᠭ᠃ ᠬᠡᠷᠪᠡ ᠰᠢᠳᠤᠨ ᠤ ᠠᠷᠢᠭᠤᠨ | ᠴᠡᠪᠡᠷ ᠢ ᠠᠩᠬᠠᠷᠬᠤ ᠦᠭᠡᠢ ᠪᠣᠯ ᠠᠮᠠᠨ ᠳᠣᠲᠣᠷᠠᠬᠢ ᠪᠠᠺᠲ᠋ᠧᠷᠢ ᠨᠢ ᠢᠳᠡᠬᠡᠨ ᠤ ᠰᠢᠪᠬᠠᠷᠤᠤ ᠳᠤ ᠣᠷᠣᠭᠠᠳ | ᠲᠡᠭᠦᠨ ᠢ ᠢᠰᠦᠯᠳᠦᠭᠦᠯᠵᠦ ᠬᠦᠴᠢᠯ ᠴᠢᠨᠠᠷᠲᠠᠢ ᠡᠳ᠋ ᠪᠣᠯᠭᠠᠳᠠᠭ᠃ ᠰᠢᠳᠤᠨ ᠤ ᠭᠤᠣᠯ ᠪᠦᠷᠢᠯᠳᠦᠭᠦᠨ ᠺᠠᠯᠼ ᠨᠢ | ᠬᠦᠴᠢᠯ ᠲᠠᠢ ᠠᠭᠤᠯᠵᠠᠪᠠᠯ ᠳᠠᠷᠤᠢ ᠬᠢᠯᠪᠠᠷᠬᠠᠨ ᠠᠭᠤᠰᠳᠠᠭ᠂ ᠬᠥᠮᠥᠨ ᠬᠡᠷᠪᠡ ᠤᠷᠳᠤ ᠬᠤᠭᠤᠴᠠᠭ᠎ᠠ ᠰᠢᠳᠤ ᠪᠠᠨ | ᠱᠤᠸᠠᠰᠠᠳᠠᠵᠤ ᠠᠮᠠ ᠪᠠᠨ ᠵᠠᠶᠢᠯᠬᠤ ᠦᠭᠡᠢ ᠪᠣᠯ ᠤᠳᠠᠭᠠᠨ ᠳᠤ ᠪᠠᠨ ᠦᠩᠬᠡᠨ ᠲᠠᠯ᠎ᠠ ᠳᠠᠪᠬᠤᠷᠭ᠎ᠠ ᠳᠠᠬᠢ | ᠰᠢᠳᠤᠨ ᠤ ᠹᠠᠯᠠᠨ ᠨᠢ ᠭᠡᠮᠲᠦᠬᠦ ᠪᠣᠯᠣᠨ᠎ᠠ᠃ ᠰᠢᠳᠤᠨ ᠤ ᠬᠤᠲᠣᠶᠢᠵᠤ ᠣᠷᠣᠭᠰᠠᠨ ᠬᠡᠰᠡᠭ ᠲᠤ ᠨᠢ ᠢᠳᠡᠬᠡᠨ ᠤ | ᠰᠢᠪᠬᠠᠷᠤᠤ ᠨᠠᠩ ᠠᠮᠠᠷᠬᠠᠨ ᠬᠤᠷᠠᠮᠳᠤᠳᠠᠭ ᠪᠣᠯᠬᠤᠷ ᠳᠠᠷᠠ ᠨᠢ ᠪᠠᠺᠲ᠋ᠧᠷᠢ ᠶᠢᠨ ᠦᠷᠡᠵᠢᠵᠦ ᠥᠰᠬᠦ ᠳᠠᠯᠠᠪᠠᠢ | ᠪᠤᠯᠳᠠᠭ᠃ ᠢᠳᠡᠭᠳᠡᠬᠦ ᠳᠤᠳᠤᠮ ᠤᠯᠠᠮ ᠭᠦᠨ ᠪᠣᠯᠵᠤ᠂ ᠶᠠᠭ ᠯᠠ ᠬᠤᠷᠣᠬᠠᠢ ᠳᠤ ᠢᠳᠡᠭᠳᠡᠭᠰᠡᠨ ᠰᠢᠭ ᠨᠦᠬᠡ | ᠭᠠᠷᠳᠠᠭ᠃ ᠬᠥᠮᠥᠰ ︽ᠰᠢᠳᠤ ᠡᠪᠡᠳᠬᠦ ᠨᠢ ᠡᠪᠡᠳᠴᠢᠨ ᠳᠤ ᠲᠣᠭᠠᠴᠠᠭᠳᠠᠬᠤ ᠦᠭᠡᠢ᠂ ᠡᠪᠡᠳᠦᠭᠡᠳ ᠡᠬᠢᠯᠡᠪᠡᠯ ᠠᠮᠢ | ᠠᠪᠤᠮᠠᠷ︾ ᠭᠡᠵᠦ ᠬᠡᠯᠡᠳᠡᠭ᠃ ᠰᠢᠳᠤᠨ ᠤ ᠹᠠᠯᠠᠨ ᠡᠳ᠋ ᠨᠢ ᠬᠤᠪᠬᠤᠷᠠᠵᠤ ᠤᠨᠠᠭᠠᠳ ᠰᠢᠳᠤᠨ ᠡᠳ᠋ ᠨᠢ ᠢᠯᠡᠷᠡᠭᠰᠡᠨ | ᠦᠶ᠎ᠡ ᠳᠤ ᠬᠦᠴᠢᠲᠡᠢ᠂ ᠠᠮᠲᠠᠲᠠᠢ᠂ ᠬᠦᠢᠲᠡᠨ᠂ ᠬᠠᠯᠠᠭᠤᠨ ᠵᠡᠷᠭᠡ ᠰᠡᠳᠦᠯᠲᠡ ᠳᠤ ᠲᠣᠬᠢᠶᠠᠯᠳᠤᠪᠠᠯ ᠲᠡᠰᠪᠦᠷᠢᠯᠡᠬᠦᠶ᠎ᠡ | ᠪᠡᠷᠬᠡ ᠪᠤᠯᠳᠠᠯ᠎ᠠ ᠱᠠᠷᠬᠢᠷᠠᠵᠤ ᠡᠪᠡᠳᠳᠡᠭ᠃ ᠬᠡᠷᠪᠡ ᠪᠠᠺᠲ᠋ᠧᠷᠢ ᠨᠢ ᠰᠢᠳᠤᠨ ᠡᠳ᠋ ᠤᠨ ᠲᠥᠪ ᠊᠊᠊᠊ ᠰᠢᠳᠤᠨ ᠤ | ᠴᠢᠮᠦᠭᠡᠨ ᠳᠤ ᠰᠢᠷᠭᠤᠨ ᠣᠷᠣᠪᠠᠯ ᠦᠷᠪᠢᠰᠦᠯ ᠡᠭᠦᠰᠬᠡᠵᠦ ᠢᠳᠡᠭᠡᠯᠡᠳᠡᠭ ᠲᠤᠯᠠ ᠨᠠᠩ ᠰᠦᠷᠡᠬᠡᠢ ᠡᠪᠡᠳᠦᠭᠦᠯᠳᠡᠭ᠃ | ᠰᠦᠷᠡᠬᠡᠢ ᠡᠪᠡᠳᠳᠡᠭ ᠤᠨ ᠰᠢᠯᠲᠠᠭᠠᠨ ᠨᠢ ᠰᠢᠳᠤᠨ ᠤ ᠴᠢᠮᠦᠭᠡ ᠪᠣᠯ ᠪᠠᠲᠤ ᠪᠠᠬᠢ ᠶᠠᠰᠤᠯᠢᠭ ᠡᠳ᠋ ᠲᠤ | ᠪᠠᠭᠯᠠᠭᠳᠠᠵᠤ᠂ ᠠᠭᠰᠢᠵᠤ ᠲᠡᠯᠡᠭᠳᠡᠬᠦ ᠪᠣᠯᠣᠯᠴᠠᠭ᠎ᠠ ᠦᠭᠡᠢ ᠪᠣᠯᠬᠤᠷ ᠬᠡᠷᠪᠡ ᠬᠠᠪᠤᠳᠪᠠᠯ ᠰᠢᠳᠤᠨ ᠤ ᠮᠡᠳᠡᠷᠡᠯ ᠢ | ᠴᠢᠩᠭ᠎ᠠ ᠳᠠᠷᠤᠭᠠᠳ᠂ ᠰᠦᠷᠡᠬᠡᠢ ᠡᠪᠡᠳᠦᠭᠦᠯᠳᠡᠭ᠃ ︽ᠰᠢᠳᠤ ᠬᠤᠷᠣᠬᠠᠶᠢᠲᠤᠬᠤ︾ ᠶᠢ ᠤᠷᠢᠳᠴᠢᠯᠠᠨ ᠰᠡᠷᠭᠡᠶᠢᠯᠡᠵᠦ | ᠪᠣᠯᠣᠨ᠎ᠠ᠃ ᠡᠭᠦᠨ ᠳᠤ ᠪᠡᠶ᠎ᠡ ᠶᠢᠨ ᠪᠣᠯᠪᠠᠰᠤᠷᠠᠯ ᠢ ᠠᠩᠬᠠᠷᠬᠤ ᠶᠢᠨ ᠬᠠᠮᠲᠤ᠂ ᠡᠳᠦᠷ ᠪᠦᠷᠢ ᠰᠢᠳᠤ ᠪᠠᠨ ᠱᠤᠸᠠᠰᠠᠳᠠᠨ | ᠠᠮᠠ ᠪᠠᠨ ᠵᠠᠶᠢᠯᠵᠤ᠂ ᠠᠮᠠᠨ ᠬᠥᠨᠳᠡᠢ ᠶᠢ ᠠᠷᠢᠭᠤᠨ ᠴᠡᠪᠡᠷ ᠪᠠᠶᠢᠯᠭᠠᠵᠤ᠂ ᠪᠠᠺᠲ᠋ᠧᠷᠢ ᠶᠡᠭᠡ ᠬᠡᠮᠵᠢᠶ᠎ᠡ ᠪᠠᠷ ᠦᠷᠡᠵᠢᠬᠦ | ᠵᠠᠪᠰᠢᠶᠠᠨ ᠢ ᠦᠬᠡᠶᠢᠰᠬᠡᠬᠦ ᠬᠡᠷᠡᠭᠲᠡᠢ᠃ | ᠢᠷᠡᠯᠲᠡ᠄ ᠰᠢᠯᠤᠭᠤᠨ ᠬᠥᠬᠡ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ | | |