| ᠪᠢᠳᠡ ᠠᠮᠢᠳᠤᠷᠠᠯ ᠳᠠᠭᠠᠨ ᠲᠤᠰᠠᠲᠠᠢ ᠶᠡᠷᠦ ᠶᠢᠨ ᠮᠡᠳᠡᠯᠭᠡ ᠶᠢ ᠪᠠᠭ᠎ᠠ ᠴᠦ ᠭᠡᠰᠡᠨ ᠰᠤᠷᠴᠦ ᠡᠵᠡᠮᠰᠢᠵᠤ ᠪᠠᠶᠢᠪᠠᠯ | ᠰᠠᠶᠢᠨ ᠶᠤᠮ᠃ ᠲᠤᠩ ᠴᠦ ᠬᠢᠯᠪᠠᠷ ᠵᠦᠢᠯ ᠢ ᠡᠪ ᠢ ᠨᠢ ᠤᠯᠬᠤ ᠦᠬᠡᠢ ᠦᠶ᠎ᠡ ᠳᠤ ᠠᠷᠭ᠎ᠠ ᠪᠠᠨ ᠪᠠᠷᠠᠵᠤ | ᠴᠦᠬᠦᠷᠡᠳᠡᠭ᠂ ᠳᠣᠣᠷ᠎ᠠ ᠠᠮᠢᠳᠤᠷᠠᠯ ᠳᠤᠮᠳᠠ ᠦᠷᠭᠦᠯᠵᠢ ᠬᠡᠷᠡᠭᠰᠡᠬᠦ ᠶᠡᠷᠦ ᠶᠢᠨ ᠮᠡᠳᠡᠯᠭᠡ ᠠᠴᠠ ᠬᠡᠳᠦ ᠶᠢ | ᠬᠤᠪᠢᠶᠠᠯᠴᠠᠶ᠎ᠠ᠃ | 1.ᠠᠪᠠᠷᠠᠶ ᠶᠢᠨ ᠬᠠᠯᠢᠰᠤ ᠶᠢ ᠭᠠᠯ ᠲᠡᠭᠡᠷ᠎ᠡ ᠬᠡᠳᠦ ᠡᠷᠭᠢᠭᠦᠯᠦᠭᠡᠳ ᠠᠪᠤᠪᠠᠯ ᠬᠠᠯᠢᠰᠤ ᠶᠢ ᠨᠢ ᠱᠠᠭᠠᠯᠬᠤ ᠳᠤ ᠠᠮᠠᠷᠬᠠᠨ | ᠪᠠᠶᠢᠵᠤ᠂ ᠲᠥᠪᠡᠳ ᠬᠠᠰᠢ ᠶᠢ ᠬᠠᠯᠠᠭᠤᠨ ᠤᠰᠤᠨ ᠳᠤ ᠬᠢᠪᠡᠯ ᠬᠠᠯᠢᠰᠤ ᠨᠢ ᠠᠮᠠᠷᠬᠠᠨ ᠱᠠᠭᠠᠷᠠᠳᠠᠭ᠃ | 2.ᠲᠡᠮᠦᠷ ᠲᠣᠭᠤᠭ᠎ᠠ ᠪᠠᠷ ᠶᠠᠭᠤᠮ᠎ᠠ ᠬᠠᠭᠠᠷᠢᠬᠤ ᠦᠶᠡᠰ᠂ ᠤᠷᠢᠳ ᠢᠶᠠᠷ ᠲᠣᠭᠤᠭ᠎ᠠ ᠪᠠᠨ ᠭᠠᠯ ᠳᠡᠭᠡᠷ᠎ᠡ ᠲᠠᠯᠪᠢᠵᠤ | ᠬᠠᠯᠠᠭᠠᠵᠤ᠂ ᠪᠠᠭ᠎ᠠ ᠬᠡᠮᠵᠢᠶᠡᠨ ᠤ ᠲᠣᠰᠣ ᠬᠢᠵᠤ ᠬᠠᠯᠠᠭᠠᠭᠰᠠᠨ ᠤ ᠳᠠᠷᠠᠭ᠎ᠠ ᠠᠰᠬᠠᠨ᠎ᠠ᠂ ᠳᠠᠬᠢᠨ ᠬᠦᠢᠲᠡᠨ ᠲᠣᠰᠣ | ᠬᠢᠪᠡᠯ ᠲᠡᠮᠦᠷ ᠲᠣᠭᠤᠭ᠎ᠠ ᠨᠠᠭᠠᠯᠳᠤᠬᠤ ᠦᠭᠡᠢ ᠪᠤᠯᠳᠠᠭ᠃ | 3.ᠬᠠᠪᠢᠷᠭ᠎ᠠ ᠴᠢᠨᠠᠬᠤ ᠪᠤᠶᠤ ᠱᠥᠯᠥ ᠬᠢᠬᠦ ᠳᠡᠭᠡᠨ ᠪᠠᠭ᠎ᠠ ᠬᠡᠮᠵᠢᠶᠡᠨ ᠤ ᠼᠤᠤ ᠬᠢᠪᠡᠯ ᠺᠠᠯᠼ ᠰᠢᠩᠭᠡᠭᠡᠬᠦ ᠳᠤ | ᠠᠰᠢᠭᠲᠠᠢ ᠪᠠᠶᠢᠳᠠᠭ᠃ | 4. ᠪᠤᠳᠠᠭ᠎ᠠ ᠵᠢᠩᠨᠡᠬᠦ ᠳᠡᠭᠡᠨ ᠲᠣᠭᠤᠭᠠᠨ ᠳᠠᠭᠠᠨ ᠬᠡᠳᠦᠨ ᠳᠤᠰᠤᠯ ᠲᠣᠰᠣ ᠲᠤᠰᠤᠭᠠᠪᠠᠯ ᠵᠢᠩᠨᠡᠵᠦ ᠭᠠᠷᠭᠠᠭᠰᠠᠨ | ᠪᠤᠳᠠᠭ᠎ᠠ ᠠᠮᠲᠠᠲᠠᠢ ᠪᠦᠭᠡᠳ ᠲᠣᠭᠤᠭᠠᠨ ᠳᠤ ᠨᠠᠭᠠᠯᠳᠤᠬᠤ ᠦᠭᠡᠢ᠃ | 5.ᠬᠠᠷ᠎ᠠ ᠳᠡᠯᠳᠡᠦ ᠶᠢ ᠤᠬᠢᠶᠠᠬᠤ ᠳᠠᠭᠠᠨ ᠵᠢᠭᠠᠬᠠᠨ ᠭᠤᠯᠢᠷ ᠬᠢᠪᠡᠯ᠂ ᠭᠬᠢᠷ ᠪᠤᠷᠲᠠᠭ ᠢ ᠰᠠᠶᠢᠬᠠᠨ ᠤᠬᠢᠶᠠᠵᠤ | ᠠᠷᠢᠯᠭᠠᠳᠠᠭ᠃ | 6.ᠦᠵᠦᠮ ᠢ ᠤᠬᠢᠶᠠᠬᠤ ᠳᠠᠭᠠᠨ ᠵᠢᠭᠠᠬᠠᠨ ᠴᠠᠷᠳᠠᠭᠤᠯ ᠬᠢᠪᠡᠯ᠂ ᠭᠦᠯᠲᠡᠭᠡᠨᠡᠵᠤ ᠰᠠᠶᠢᠬᠠᠨ ᠤᠬᠢᠶᠠᠭᠳᠠᠳᠠᠭ᠃ | 7. ᠪᠠᠩᠰᠢ ᠴᠢᠨᠠᠬᠤ ᠦᠶᠡᠰ ᠲᠤᠭᠤᠭᠠᠨ ᠳᠤ ᠬᠡᠳᠦᠨ ᠰᠢᠷᠭᠡᠭ ᠬᠡᠷᠴᠢᠭᠰᠡᠨ ᠰᠤᠩᠭᠢᠨ᠎ᠠ ᠬᠢᠪᠡᠯ ᠪᠠᠩᠰᠢ | ᠲᠤᠭᠤᠭᠠᠨ ᠳᠤ ᠨᠠᠭᠠᠯᠳᠤᠬᠤ ᠦᠭᠡᠢ ᠪᠤᠯᠳᠠᠭ᠃ | ︵︽ᠠᠮᠢᠳᠤᠷᠠᠯ ᠪᠤᠯᠤᠩ︾ ᠵᠢᠷᠬᠢᠶ᠎ᠡ ᠲᠡᠪᠴᠡᠩ ᠠᠴᠠ︶ | ᠢᠷᠡᠯᠲᠡ᠄ ᠣᠷᠳᠣᠰ ᠤᠨ ᠮᠣᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ | |