ᠵᠣᠨ ᠤ ᠤᠯᠠᠷᠢᠯ ᠳᠤ ᠠᠯᠮᠤᠷᠠᠳ ᠤᠨ ᠮᠣᠳᠣᠨ ᠤ ᠰᠠᠯᠠᠭ᠎ᠠ ᠶᠢ ᠬᠠᠶᠢᠴᠢᠯᠠᠵᠤ ᠵᠠᠰᠠᠬᠤ ᠨᠢ ᠴᠡᠴᠡᠭ ᠤᠨ | ᠨᠠᠬᠢᠶ᠎ᠠ ᠪᠦᠲᠦᠵᠦ ᠪᠦᠷᠢᠯᠳᠦᠬᠦ ᠳᠤ ᠮᠠᠰᠢ ᠠᠰᠢᠭᠲᠠᠢ ᠶᠤᠮ᠃ ᠭᠡᠬᠦ ᠳᠡᠭᠡᠨ ᠴᠠᠭ ᠬᠤᠭᠤᠴᠠᠭ᠎ᠠ | ᠮᠡᠷᠭᠡᠵᠢᠯ ᠤᠨ ᠱᠠᠭᠠᠷᠳᠠᠯᠭ᠎ᠠ ᠶᠢ ᠰᠠᠶᠢᠲᠤᠷ ᠡᠵᠡᠮᠰᠢᠵᠦ ᠮᠡᠳᠡᠬᠦ ᠬᠡᠷᠡᠭᠲᠡᠢ᠃ | ᠥᠨᠴᠥᠭᠯᠡᠬᠦ᠄ ᠭᠤᠣᠯ ᠰᠠᠯᠠᠭ᠎ᠠ ᠪᠣᠯᠣᠨ ᠳᠡᠳ᠋ ᠰᠠᠯᠠᠭ᠎ᠠ ᠶᠢᠨ ᠬᠤᠭᠤᠷᠤᠨᠳᠤᠬᠢ ᠵᠠᠢ ᠨᠢ ᠳᠡᠩᠳᠡᠭᠦᠦ | ᠣᠶᠢᠷ᠎ᠠ ᠪᠣᠯ 4 ᠰᠠᠷ᠎ᠠ ᠶᠢᠨ ᠰᠡᠭᠦᠯᠴᠢ ᠠᠴᠠ 7 ᠰᠠᠷ᠎ᠠ ᠶᠢᠨ ᠡᠬᠢ ᠪᠣᠯᠳᠠᠯᠠᠬᠢ ᠬᠤᠭᠤᠴᠠᠭᠠᠨ ᠳᠤ 50 - | 60 ᠭᠷᠡᠳᠦ᠋ᠰ ᠤᠨ ᠥᠨᠴᠥᠭ ᠪᠣᠯᠭᠠᠵᠤ ᠬᠤᠶᠠᠷ ᠲᠡᠰᠢ ᠨᠢ ᠰᠠᠯᠭᠠᠵᠤ ᠪᠣᠭᠤᠨ᠎ᠠ᠃ ᠢᠩᠭᠢᠪᠡᠯ ᠮᠣᠳᠣᠨ ᠤ | ᠦᠵᠦᠭᠦᠷ ᠤᠨ ᠨᠠᠷᠠᠨ ᠤ ᠲᠤᠰᠤᠯᠲᠠ ᠨᠡᠮᠡᠭᠳᠡᠵᠦ ᠳᠣᠲᠣᠭᠠᠳᠤ ᠬᠤᠷᠮᠣᠨ ᠲᠡᠩᠴᠡᠭᠦᠷᠢᠲᠡᠢ ᠪᠣᠯᠵᠤ ᠴᠢᠳᠠᠨ᠎ᠠ᠃ | ᠰᠢᠩᠭᠡᠯᠡᠬᠦ᠄ ᠳᠣᠷᠪᠢᠯᠢᠭ ᠰᠠᠯᠠᠭ᠎ᠠ ᠪᠣᠯᠣᠨ ᠡᠭᠴᠡ ᠰᠠᠯᠠᠭ᠎ᠠ ᠤᠷᠭᠤᠭᠠᠳ 15 - 20 ᠰᠠᠨᠲ᠋ᠢᠮᠧᠳ᠋ᠷ ᠪᠣᠯᠬᠤ | ᠦᠶ᠎ᠡ ᠳᠤ ᠪᠠᠶᠢᠨ ᠳᠠᠬᠢᠨ ᠰᠢᠩᠭᠡᠯᠡᠵᠦ ᠰᠠᠬᠤᠯᠢᠭᠵᠢᠬᠤ ᠶᠢ ᠰᠡᠷᠭᠡᠶᠢᠯᠡᠨ ᠰᠢᠮ᠎ᠡ ᠲᠡᠵᠢᠭᠡᠯ ᠢ ᠪᠠᠲᠤᠯᠠᠬᠤ ᠬᠡᠷᠡᠭᠲᠡᠢ᠃ | | ᠴᠢᠭᠯᠡᠯ ᠬᠤᠪᠢᠷᠠᠭᠤᠯᠬᠤ᠄ ᠨᠢᠭᠡ ᠠᠴᠠ ᠬᠤᠶᠠᠷ ᠡᠪᠦᠯ ᠢ ᠥᠩᠭᠡᠷᠡᠭᠦᠯᠦᠭᠰᠡᠨ ᠰᠠᠯᠠᠭ᠎ᠠ ᠶᠢ 5 | ᠰᠠᠷ᠎ᠠ ᠶᠢᠨ ᠳᠤᠮᠳᠠᠴᠢ ᠠᠴᠠ 6 ᠰᠠᠷ᠎ᠠ ᠶᠢᠨ ᠰᠡᠭᠦᠯᠴᠢ ᠪᠤᠯᠳᠠᠯᠠᠬᠢ ᠬᠤᠭᠤᠴᠠᠭᠠᠨ ᠳᠤ ᠬᠥᠰᠢᠬᠦ᠂ ᠠᠲᠤᠷᠢᠭᠤᠯᠬᠤ | ᠵᠡᠷᠭᠡ ᠠᠷᠭ᠎ᠠ ᠪᠠᠷ ᠤᠷᠭᠤᠯᠲᠠ ᠶᠢᠨ ᠴᠢᠭᠯᠡᠯ ᠢ ᠬᠤᠪᠢᠷᠠᠭᠤᠯᠪᠠᠯ ᠴᠡᠴᠡᠭ ᠤᠨ ᠨᠠᠬᠢᠶ᠎ᠠ ᠶᠢᠨ ᠪᠦᠷᠢᠯᠳᠦᠯ ᠢ | ᠠᠬᠢᠭᠤᠯᠵᠤ ᠴᠢᠳᠠᠨ᠎ᠠ᠃ | ᠮᠤᠰᠬᠢᠯᠳᠤᠭᠤᠯᠬᠤ᠄ ᠰᠠᠯᠠᠭ᠎ᠠ ᠨᠢ ᠤᠷᠭᠤᠭᠠᠳ 34 ᠰᠠᠨᠲ᠋ᠢᠮᠧᠳ᠋ᠷ ᠪᠣᠯᠬᠤ ᠦᠶ᠎ᠡ ᠳᠤ ᠡᠳᠡᠭᠡᠷ | ᠰᠠᠯᠠᠭ᠎ᠠ ᠶᠢ ᠮᠤᠰᠬᠢᠯᠳᠤᠭᠤᠯᠤᠭᠠᠳ 180 ᠭᠷᠡᠳᠦ᠋ᠰ ᠡᠷᠭᠢᠭᠦᠯᠵᠦ ᠲᠠᠯᠪᠢᠪᠠᠯ ᠤᠷᠭᠤᠴᠠ ᠶᠢ ᠤᠳᠠᠭᠠᠰᠢᠷᠠᠭᠤᠯᠵᠤ | ᠴᠡᠴᠡᠭ ᠤᠨ ᠨᠠᠬᠢᠶ᠎ᠠ ᠪᠦᠷᠢᠯᠳᠦᠬᠦ ᠳᠤ ᠲᠤᠰᠠᠲᠠᠢ ᠪᠠᠶᠢᠳᠠᠭ᠃ | ᠬᠠᠯᠢᠰᠤ ᠶᠢ ᠨᠢ ᠴᠠᠭᠠᠯᠠᠬᠤ᠄ ᠴᠢᠭᠯᠡᠯ ᠢ ᠨᠢ ᠥᠭᠡᠷᠡᠴᠢᠯᠡᠬᠦ ᠠᠷᠭ᠎ᠠ ᠦᠭᠡᠢ ᠪᠣᠯᠤᠭᠰᠠᠨ ᠣᠨ | ᠤᠳᠠᠭᠰᠠᠨ ᠳᠣᠷᠪᠢᠯᠢᠭ ᠰᠠᠯᠠᠭ᠎ᠠ ᠶᠢ 5 ᠰᠠᠷ᠎ᠠ ᠶᠢᠨ ᠰᠡᠭᠦᠯᠴᠢ ᠠᠴᠠ 6 ᠰᠠᠷ᠎ᠠ ᠶᠢᠨ ᠳᠤᠮᠳᠠᠴᠢ ᠪᠣᠯᠳᠠᠯᠠᠬᠢ | ᠬᠤᠭᠤᠴᠠᠭᠠᠨ ᠳᠤ ᠴᠠᠭᠠᠷᠢᠭ ᠬᠡᠯᠪᠡᠷᠢᠲᠡᠢ ᠪᠠᠷ ᠬᠠᠯᠢᠰᠤ ᠶᠢ ᠨᠢ ᠴᠠᠭᠠᠯᠠᠪᠠᠯ ᠮᠥᠨ ᠴᠡᠴᠡᠭ ᠤᠨ ᠨᠠᠬᠢᠶ᠎ᠠ | ᠪᠦᠷᠢᠯᠳᠦᠵᠦ ᠪᠦᠲᠦᠳᠡᠭ ᠪᠠᠶᠢᠨ᠎ᠠ᠃ ᠬᠠᠯᠢᠰᠤ ᠴᠠᠭᠠᠯᠠᠬᠤ ᠳᠠᠭᠠᠨ ᠮᠣᠳᠣᠨ ᠰᠠᠯᠠᠭᠠᠨ ᠤ ᠬᠠᠯᠢᠰᠤᠨ ᠤ ᠠᠷᠪᠠᠨ ᠤ | ᠨᠢᠭᠡ ᠬᠤᠪᠢ ᠶᠢ ᠯᠠ ᠴᠠᠭᠠᠯᠠᠨ᠎ᠠ᠂ ᠵᠢᠱᠢᠶᠡᠯᠡᠪᠡᠯ᠂ 8 ᠰᠠᠨᠲ᠋ᠢᠮᠧᠳ᠋ᠷ ᠪᠦᠳᠦᠭᠦᠨ ᠰᠠᠯᠠᠭᠠᠨ ᠤ ᠬᠠᠯᠢᠰᠤ ᠶᠢ | ᠴᠠᠭᠠᠯᠠᠬᠤ ᠪᠠᠷ ᠪᠣᠳᠣᠪᠠᠯ 8 ᠮᠢᠯᠢᠮᠧᠳ᠋ᠷ ᠬᠠᠯᠢᠰᠤ ᠶᠢ ᠨᠢ ᠴᠠᠭᠠᠯᠠᠪᠠᠯ ᠪᠣᠯᠴᠢᠬᠠᠨ᠎ᠠ᠃ ᠭᠡᠬᠦ ᠳᠡᠭᠡᠨ ᠴᠠᠭ | ᠬᠤᠭᠤᠴᠠᠭ᠎ᠠ ᠶᠢ ᠨᠢ ᠳᠡᠩᠳᠡᠭᠦᠦ ᠣᠷᠣᠢ ᠪᠠᠶᠢᠯᠭᠠᠵᠤ ᠪᠣᠯᠬᠤ ᠦᠭᠡᠢ᠂ ᠡᠰᠡᠪᠡᠯ ᠡᠳᠡᠭᠡᠷᠡᠵᠦ ᠴᠢᠳᠠᠬᠤ ᠦᠭᠡᠢ | ᠪᠣᠯᠣᠨ᠎ᠠ᠃ | ︽ᠮᠠᠯ ᠲᠠᠷᠢᠶᠠᠯᠠᠩ ᠤᠨ ᠬᠡᠷᠡᠭᠯᠡᠭᠡᠨ ᠤ ᠰᠢᠨ᠎ᠡ ᠮᠡᠷᠭᠡᠵᠢᠯ︾ ᠭᠡᠬᠦ ᠨᠣᠮ ᠠᠴᠠ ᠪᠠᠭᠤᠯᠭᠠᠪᠠ᠃ | ᠢᠷᠡᠯᠲᠡ᠄ ᠬᠢᠩᠭᠠᠨ ᠮᠣᠩᠭᠤᠯ ᠰᠦᠯᠵᠢᠶ᠎ᠡ | |