ᠰᠠᠯᠬᠢᠨ ᠬᠦᠴᠤ ᠪᠠᠷ ᠴᠠᠬᠢᠯᠭᠠᠨ ᠭᠠᠷᠭᠠᠬᠤ ᠮᠠᠰᠢᠨ ᠢ ᠬᠡᠷᠡᠭᠯᠡᠬᠦ ᠠᠷᠭ᠎ᠠ
ᠨᠡᠶᠢᠲᠡᠯᠡᠭᠰᠡᠨ ᠴᠠᠭ᠄
2021/4/15
   1. ᠡᠳᠤᠷ ᠲᠤᠳᠤᠮ ᠤᠨ ᠠᠷᠠᠴᠢᠯᠠᠯᠳᠠ ᠬᠠᠮᠠᠭᠠᠯᠠᠯᠳᠠ᠃ ᠰᠠᠯᠬᠢᠨ ᠬᠦᠴᠤᠨ ᠪᠠᠷ ᠴᠠᠬᠢᠯᠭᠠᠨ ᠭᠠᠷᠭᠠᠬᠤ ᠮᠠᠰᠢᠨ ᠤ ᠡᠷᠬᠢᠯᠳᠤᠬᠦ ᠨᠢ ᠬᠡᠪ ᠤᠨ ᠡᠰᠠᠬᠦ ᠶᠢ ᠦᠷᠬᠦᠯᠵᠢ ᠠᠩᠬᠠᠷᠬᠤ ᠬᠡᠷᠡᠭᠳᠠᠢ᠃ ᠬᠡᠷᠪᠡ ᠮᠠᠰᠢᠨ ᠤ ᠪᠠᠭᠠᠨ᠎ᠠ ᠨᠢ ᠴᠡᠴᠡᠷᠡᠬᠦ ᠪᠤᠶᠤ ᠶᠠᠷᠤ ᠪᠤᠰᠤ ᠶᠢᠨ ᠲᠠᠭᠤ ᠭᠠᠷᠪᠠᠯ ᠴᠠᠭ ᠲᠠᠷᠤᠢ ᠳᠤᠨᠢ ᠵᠤᠬᠰᠤᠭᠠᠵᠤ ᠪᠠᠶᠢᠴᠠᠭᠠᠨ ᠵᠠᠰᠠᠬᠤ ᠬᠡᠷᠡᠭᠳᠠᠢ᠃ ᠠᠯᠢᠪᠠ ᠲᠤᠨᠤᠭ ᠡᠷᠢᠶᠠᠰᠤ ᠨᠢ ᠰᠤᠯᠠᠷᠠᠬᠰᠠᠨ ᠪᠤᠶᠤ ᠰᠤᠭᠤᠷᠠᠬᠰᠠᠨ ᠡᠰᠠᠬᠦ᠂ ᠭᠠᠵᠠᠷ ᠲᠤ ᠲᠤᠬᠳᠠᠭᠠᠵᠤ ᠬᠠᠳᠠᠬᠰᠠᠨ ᠬᠠᠳᠠᠭᠠᠰᠤ ᠨᠢ ᠰᠤᠯᠠᠷᠠᠬᠰᠠᠨ ᠡᠰᠠᠬᠦ ᠶᠢ ᠦᠷᠬᠦᠯᠵᠢ ᠪᠠᠶᠢᠴᠠᠭᠠᠨ᠎ᠠ᠃ ᠲᠤᠬᠳᠠᠬᠰᠠᠨ ᠬᠤᠭᠤᠴᠠᠭ᠎ᠠ ᠲᠠᠢ ᠠᠷᠠᠴᠢᠯᠠᠨ ᠬᠠᠮᠠᠭᠠᠯᠠᠬᠤ ᠬᠡᠷᠡᠭᠳᠠᠢ᠃ ᠮᠠᠰᠢᠨ ᠢ ᠬᠠᠭᠠᠰ ᠵᠢᠯ ᠠᠴᠠ ᠨᠢᠬᠡ ᠵᠢᠯ ᠬᠡᠷᠡᠭᠯᠡᠭᠰᠠᠨ ᠤ ᠲᠠᠷᠠᠭ᠎ᠠ ᠡᠷᠬᠢᠯᠳᠤᠬᠦ ᠲᠤᠨᠤᠭ ᠲᠤ ᠨᠢᠬᠡ ᠤᠳᠠᠭ᠎ᠠ ᠲᠤᠰᠤᠯᠠᠬᠤ ᠠᠷᠠᠴᠢᠯᠠᠭ᠎ᠠ ᠬᠢᠬᠦ ᠴᠢᠬᠤᠯᠠᠳᠠᠢ ᠶᠤᠮ᠃    2. ᠬᠡᠯᠬᠢᠶ᠎ᠠ ᠳ᠋ᠢᠶᠠᠨ ᡂᠢ ᠶᠢ ᠠᠷᠠᠴᠢᠯᠠᠨ ᠬᠠᠮᠠᠭᠠᠯᠠᠬᠤ᠄ ᠦᠷᠬᠦᠯᠵᠢ ᠴᠠᠬᠢᠯᠭᠠᠨ ᠬᠦᠴᠤᠳᠠᠯ ᠤᠨ ᠬᠡᠮᠵᠢᠬᠦᠷ ᠤᠨ ᠵᠢᠭᠠᠯᠳᠠ ᠶᠢᠨ ᠲᠤᠭ᠎ᠠ ᠬᠡᠮᠵᠢᠶ᠎ᠠ ᠶᠢ ᠠᠵᠢᠬᠯᠠᠨ᠎ᠠ᠃ ᠴᠠᠬᠢᠯᠭᠠᠨ ᠬᠤᠭᠤᠰᠤᠷᠠᠬᠰᠠᠨ ᠤ ᠬᠤᠶᠢᠨ᠎ᠠ ᠴᠠᠭ ᠲᠤᠬᠠᠢ ᠳᠤᠨᠢ ᠴᠠᠬᠢᠯᠭᠠᠨ ᠴᠡᠨᠡᠭᠯᠡᠬᠦ ᠬᠡᠷᠡᠭᠳᠠᠢ᠃ ᠤᠨᠴᠠᠭᠠᠢ ᠪᠠᠶᠢᠳᠠᠯ ᠤᠨ ᠲᠤᠤᠷ᠎ᠠ ᠴᠦ ᠬᠡᠰᠠᠨ 24 ᠴᠠᠭ ᠠᠴᠠ ᠬᠡᠳᠤᠷᠠᠬᠦᠯᠵᠤ ᠪᠤᠯᠬᠤ ᠦᠭᠡᠢ᠃ ᠴᠠᠬᠢᠯᠭᠠᠨ ᠠᠭᠤᠰᠤᠮᠠᠯ ᠤᠨ ᠰᠢᠩᠬᠡᠨ ᠤ ᠪᠠᠶᠢᠷᠢ ᠶᠢ ᠲᠦᠢᠯ ᠬᠠᠪᠳᠠᠰᠤ ᠠᠴᠠ ᠲᠡᠬᠡᠭᠰᠢ 10--20 ᠮᠢᠯᠢᠮᠧᠲᠷ ᠦᠨᠳᠤᠷ ᠲᠤ ᠪᠠᠶᠢᠬᠤ ᠶᠢ ᠪᠠᠳᠤᠯᠠᠬᠤ ᠬᠡᠷᠡᠭᠳᠠᠢ᠃ ᠬᠡᠷᠪᠠ ᠲᠤᠰ ᠬᠡᠮᠵᠢᠭᠳᠡᠯ ᠠᠴᠠ ᠲᠤᠤᠷ᠎ᠠ ᠪᠤᠯ ᠴᠠᠭ ᠲᠠᠷᠤᠢ ᠳᠤᠨᠢ ᠨᠠᠷᠠᠮᠠᠯ ᠤᠰᠤ ᠨᠡᠮᠡᠬᠦ ᠬᠡᠷᠡᠭᠳᠠᠢ᠃ ᠬᠡᠯᠬᠢᠶ᠎ᠠ ᠳ᠋ᠢᠶᠠᠨ ᡂᠢ ᠢ ᠬᠡᠷᠡᠭᠯᠠᠬᠦ ᠶᠠᠪᠤᠴᠠ ᠲᠤᠮᠳᠠ ᠡᠷᠬᠡᠪᠰᠢ ᠴᠡᠪᠡᠷ ᠪᠠᠶᠢᠬᠤ ᠶᠢ ᠪᠠᠳᠤᠯᠠᠬᠤ ᠬᠡᠷᠡᠭᠳᠠᠢ᠃ ᠬᠡᠯᠬᠢᠶ᠎ᠠ ᠳ᠋ᠢᠶᠠᠨ ᡂᠢ ᠶᠢᠨ ᠲᠡᠬᠡᠷ᠎ᠠ ᠲᠡᠮᠦᠷᠯᠢᠭ ᠵᠦᠢᠯ ᠢ ᠲᠠᠯᠪᠢᠵᠤ ᠪᠤᠯᠬᠤ ᠦᠭᠡᠢ︔ ᠬᠡᠯᠬᠢᠶ᠎ᠠ ᠳ᠋ᠢᠶᠠᠨ ᡂᠢ ᠶᠢ ᠨᠡᠬᠦᠯᠬᠡᠬᠦ ᠳᠡᠭᠡᠨ ᠭᠠᠵᠠᠷ ᠲᠡᠬᠡᠬᠦᠷ ᠴᠢᠷᠴᠤ ᠪᠤᠯᠬᠤ ᠦᠭᠡᠢ᠃    ᠬᠦᠢᠳᠠᠨ ᠭᠠᠵᠠᠷ ᠤᠷᠤᠨ ᠳᠤ ᠬᠡᠯᠬᠢᠶ᠎ᠠ ᠳ᠋ᠢᠶᠠᠨ ᡂᠢ ᠶᠢ ᠬᠡᠷᠡᠭᠯᠡᠬᠦ ᠳᠡᠭᠡᠨ ᠴᠡᠬᠢᠯᠭᠠᠨ ᠢ ᠪᠦᠬᠦᠨ ᠢ ᠬᠤᠭᠤᠰᠤᠷᠠᠳᠠᠯ᠎ᠠ ᠵᠠᠷᠤᠵᠤ ᠪᠤᠯᠬᠤ ᠦᠭᠡᠢ᠂ ᠴᠠᠬᠢᠯᠭᠠᠨ ᠠᠭᠤᠰᠤᠮᠠᠯ ᠬᠦᠯᠳᠡᠵᠤ᠂ ᠬᠡᠯᠬᠢᠶ᠎ᠠ ᠳ᠋ᠢᠶᠠᠨ ᡂᠢ ᠡᠪᠳᠡᠷᠡᠬᠦ ᠠᠴᠠ ᠰᠡᠷᠬᠡᠶᠢᠯᠠᠨ᠎ᠠ᠃         ᠪᠡᠯᠡᠳᠬᠡᠭᠰᠡᠨ ᠨᠢ᠄ ᠭᠡᠷᠡᠯ         ᠢᠷᠡᠯᠲᠡ᠄ ᠪᠠᠶᠠᠨᠨᠠᠭᠤᠷ ᠤᠨ ᠰᠤᠨᠢᠨ
 
ᠢᠷᠡᠯᠲᠡ᠄ ᠪᠠᠶᠠᠨᠨᠠᠭᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2019 ©  ᠮᠦᠩᠭᠡᠭᠠᠯ ᠮᠣᠩᠭᠤᠯ ᠰᠣᠶᠣᠯ ᠤᠨ ᠠᠵᠣ ᠠᠬᠤᠶᠢᠯᠠᠯ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004651号-2